ᠮ∙ᠤᠷᠠᠨᠴᠡᠴᠡᠭ ᠮᠥᠩᠭᠥᠨ ᠮᠧᠳᠠᠯ ᠬᠦᠷᠲᠡᠯ᠎ᠡ | News.MN

ᠮ∙ᠤᠷᠠᠨᠴᠡᠴᠡᠭ ᠮᠥᠩᠭᠥᠨ ᠮᠧᠳᠠᠯ ᠬᠦᠷᠲᠡᠯ᠎ᠡ

ᠣᠯᠠᠨ ᠤᠯᠤᠰ ᠤᠨ ᠵᠢᠦ᠋ᠳᠣ᠋ ᠪᠥᠬᠡ ᠶᠢᠨ ᠬᠣᠯᠪᠣᠭᠠᠨ ᠠᠴᠠ ᠵᠣᠬᠢᠶᠠᠨ ᠪᠠᠶᠢᠭᠤᠯᠳᠠᠭ ᠡᠭᠡᠯᠵᠢᠲᠦ  ᠭᠷᠡᠨᠫᠷᠢ ᠲᠡᠮᠡᠴᠡᠭᠡᠨ ᠲᠦᠷᠺ ᠤᠨ ᠠᠨᠲ᠋ᠠᠯᠢᠶ᠎ᠠ ᠬᠤᠲᠠ ᠳᠤ ᠡᠨᠡ ᠪᠠᠰᠠᠩ ᠭᠠᠷᠠᠭ   ︵2019.04.05 ︶ ᠲᠤ ᠡᠬᠢᠯᠡᠯ᠎ᠡ ᠃ ᠡᠨᠡ ᠤᠳᠠᠭ᠎ᠠ ᠶᠢᠨ ᠲᠡᠮᠡᠴᠡᠭᠡᠨ ᠳᠦ 76 ᠣᠷᠣᠨ ᠤ 485 ᠲᠠᠮᠢᠷᠴᠢᠨ ᠥᠷᠢᠰᠦᠯᠳᠦᠵᠦ ᠪᠠᠶᠢᠨ᠎ᠠ᠃ ᠮᠠᠨ ᠤ ᠤᠯᠤᠰ ᠠᠴᠠ ᠳᠡᠯᠡᠬᠡᠢ ᠶᠢᠨ ᠠᠪᠤᠷᠭᠤ᠂ ᠭᠠᠪᠢᠶᠠᠲᠤ ᠲᠠᠮᠢᠷᠴᠢᠨ ᠮ∙ᠤᠷᠠᠨᠴᠡᠴᠡᠭ ᠂ ᠭ∙ᠪᠣᠯᠣᠳᠪᠠᠭᠠᠲᠤᠷ ᠲᠡᠷᠢᠭᠦᠲᠡᠢ 19  ᠪᠦᠬᠡ ᠣᠷᠣᠯᠴᠠᠵᠤ ᠪᠠᠶᠢᠭ᠎ᠠ᠃
ᠪᠠᠰᠠᠩ ᠭᠠᠷᠠᠭ ᠲᠤ ᠪᠣᠯᠤᠭᠰᠠᠨ ᠬᠥᠩᠭᠡᠨ ᠵᠢᠩ ᠦᠨ ᠪᠠᠷᠢᠯᠳᠤᠯᠭ᠎ᠠ ᠪᠠᠷ ᠡᠮᠡᠭᠲᠡᠶᠢᠴᠦᠳ ᠦᠨ 52 ᠺᠢᠯᠦᠭᠷᠡᠮ ᠤᠨ ᠵᠢᠩ ᠳᠦ ᠭᠠᠪᠢᠶᠠᠲᠤ ᠲᠠᠮᠢᠷᠴᠢᠨ ᠮ∙ᠤᠷᠠᠨᠴᠡᠴᠡᠭ  ᠹᠢᠨᠯᠠᠨ᠋ᠳ᠋ ᠂ ᠤᠩᠭᠠᠷ ᠂ ᠠᠽᠧᠷᠪᠠᠶᠢᠵᠠᠨ ᠂  ᠪᠷᠠᠽᠢᠯ ᠤᠨ  ᠪᠦᠬᠡ ᠶᠢ ᠢᠯᠠᠵᠤ᠂  ᠷᠤᠮᠠᠨᠢᠶ᠎ᠠ ᠶᠢᠨ ᠠ᠊∙ᠴᠢᠲ᠋ᠤ᠋ ᠳᠤ ᠢᠯᠠᠭᠳᠠᠨ ᠮᠥᠩᠭᠥᠨ ᠮᠧᠳᠠᠯ ᠬᠦᠷᠲᠡᠯ᠎ᠡ᠃ ᠬᠠᠷᠢᠨ ᠪ∙ᠬᠤᠷᠯᠤᠳᠤᠢ ᠬᠣᠶᠠᠳᠤᠭᠠᠷ ᠲᠣᠭᠣᠷᠢᠭ ᠠᠴᠠ᠂ 48  ᠺᠢᠯᠦᠭᠷᠡᠮ ᠳᠦ ᠣ᠊∙ᠪᠠᠰᠠᠩᠰᠦ᠋ᠷᠦᠩ ᠡᠬᠢᠨ ᠦ ᠲᠣᠭᠣᠷᠢᠭ ᠠᠴᠠ ᠲᠡᠮᠡᠴᠡᠭᠡᠨ ᠢᠶᠡᠨ ᠳᠠᠭᠤᠰᠬᠠᠭᠰᠠᠨ ᠶᠤᠮ᠃ ᠡᠷᠡᠭᠲᠡᠶᠢᠴᠦᠳ ᠦᠨ 66 ᠺᠢᠯᠦᠭᠷᠡᠮ  ᠤᠨ ᠵᠢᠩ ᠳᠦ ᠭ∙ᠬᠡᠷᠦᠯᠦᠨ ᠱᠠᠩᠨᠠᠯᠲᠤ ᠲᠠᠪᠤᠳᠤᠭᠠᠷ ᠪᠠᠶᠢᠷᠢ᠂ 60 ᠺᠢᠯᠦᠭᠷᠡᠮ  ᠳᠦ ᠭᠠᠪᠢᠶᠠᠲᠤ ᠲᠠᠮᠢᠷᠴᠢᠨ ᠭ∙ᠪᠣᠯᠣᠳᠪᠠᠭᠠᠲᠤᠷ ᠱᠠᠩᠨᠠᠯᠲᠤ ᠳᠣᠯᠣᠳᠤᠭᠠᠷ ᠪᠠᠶᠢᠷᠢ ᠡᠵᠡᠯᠡᠵᠡᠢ᠃

ᠰᠡᠳᠬᠢᠭᠳᠡᠯ ᠦᠯᠡᠳᠡᠭᠡᠬᠦ