︽ᠤᠶᠠᠬᠠᠨ ᠽᠠᠮᠪᠤᠲᠢᠪ  ᠤᠨ ᠨᠠᠷᠠᠨ︾ ᠤᠷᠠᠯᠢᠭ ᠤᠨ ᠨᠠᠭᠠᠳᠤᠮ ᠪᠤᠯᠤᠨ᠎ᠠ | News.MN

︽ᠤᠶᠠᠬᠠᠨ ᠽᠠᠮᠪᠤᠲᠢᠪ  ᠤᠨ ᠨᠠᠷᠠᠨ︾ ᠤᠷᠠᠯᠢᠭ ᠤᠨ ᠨᠠᠭᠠᠳᠤᠮ ᠪᠤᠯᠤᠨ᠎ᠠ

 

ᠡᠨᠡ ᠵᠤᠨ ᠨᠠᠢᠮᠠᠳᠤᠭᠠᠷ ᠰᠠᠷ᠎ᠠ ᠶᠢᠨ 9-11 ᠍ ᠳᠦ ᠳᠤᠮᠳᠠᠭᠤᠪᠢ ᠠᠶᠢᠮᠠᠭ ᠬᠣᠯᠠ᠂ ᠣᠶᠢᠷ᠎ᠠ ᠶᠢᠨ ᠵᠣᠴᠢᠳ ᠭᠡᠶᠢᠴᠢᠳ ᠦᠨ ᠨᠢᠳᠦ ᠶᠢ ᠪᠠᠶᠠᠰᠬᠠᠵᠤ᠂ ᠴᠢᠬᠢ ᠶᠢ ᠮᠢᠯᠢᠶᠠᠵᠤ᠂ ᠣᠶᠤᠨ ᠢ ᠬᠥᠭᠯᠡᠬᠦ ᠲᠣᠮᠣᠬᠠᠨ ᠦᠢᠯᠡ ᠠᠵᠢᠯᠯᠠᠭ᠎ᠠ ᠶᠢ ᠵᠣᠬᠢᠶᠠᠨ ᠪᠠᠶᠢᠭᠤᠯᠬᠤ ᠪᠠᠷ ᠲᠥᠯᠥᠪᠯᠡᠭᠰᠡᠨ ᠨᠢ ︽ᠶᠡᠬᠡ ᠭᠠᠵᠠᠷ ᠤᠨ ᠴᠢᠯᠠᠭᠤ︾ ᠵᠠᠳᠠᠭᠠᠢ ᠲᠢᠶᠠᠲ᠋ᠷ ᠲᠤ ᠪᠣᠯᠬᠤ ︽ᠤᠶᠠᠬᠠᠨ ᠽᠠᠮᠪᠦᠲᠢᠪ  ᠤᠨ ᠨᠠᠷᠠᠨ︾ ᠤᠷᠠᠯᠢᠭ ᠤᠨ ᠶᠡᠬᠡ ᠨᠠᠭᠠᠳᠤᠮ ᠶᠤᠮ᠃
ᠦᠢᠯᠡ ᠠᠵᠢᠯᠯᠠᠭᠠᠨ ᠤ ᠡᠬᠢᠨ ᠦ ᠡᠳᠦᠷ ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠠᠷᠠᠳ ᠤᠨ ᠵᠦᠵᠦᠭᠡᠴᠢᠨ᠂ ᠲᠥᠷᠥ ᠶᠢᠨ ᠱᠠᠩᠨᠠᠯᠲᠤ᠂ ᠵᠠᠭᠤᠨ ᠤ ᠮᠠᠩᠯᠠᠢ ᠤᠷᠲᠤ ᠶᠢᠨ ᠳᠠᠭᠤᠴᠢ ᠨᠠᠮᠵᠢᠯ ᠤᠨ ᠨᠣᠷᠪᠤᠪᠠᠩᠵᠠᠳ ᠤᠨ ᠲᠦᠷᠦᠭᠰᠡᠨ ᠪᠠᠭᠤᠴᠠ ᠰᠡᠭᠦᠳᠡᠷᠲᠦ ᠶᠢᠨ ᠤᠯᠠᠭᠠᠨ ᠣᠪᠣᠭ᠎ᠠ ᠬᠡᠮᠡᠬᠦ ᠭᠠᠵᠠᠷ ᠲᠤ ᠪᠣᠰᠬᠠᠬᠤ ᠭᠡᠷᠡᠯᠲᠦ ᠬᠥᠰᠢᠭᠡᠨ ᠦ ᠨᠡᠭᠡᠭᠡᠯᠲᠡ ᠶᠢ ᠬᠢᠬᠦ ᠪᠡᠷ ᠲᠥᠯᠥᠪᠯᠡᠵᠡᠢ᠃
ᠨᠠᠭᠠᠳᠤᠮ ᠤᠨ ᠬᠤᠶᠠᠳᠠᠬᠢ ᠡᠳᠦᠷ ᠦᠨ ᠦᠢᠯᠡ ᠠᠵᠢᠯᠯᠠᠭ᠎ᠠ ︽ᠤᠶᠠᠬᠠᠨ ᠽᠠᠮᠪᠤᠲᠢᠪ  ᠦᠨ ᠨᠠᠷᠠᠨ ︾ ᠬᠥᠰᠢᠶ᠎ᠡ ᠴᠣᠭᠴᠠᠯᠠᠪᠤᠷᠢ ᠳᠤ ᠪᠣᠯᠬᠤ  ︽ᠨᠠᠷᠠᠨ ᠤᠭᠲᠤᠬᠤ ᠶᠣᠰᠣᠯᠠᠯ ︾ ᠢᠶᠠᠷ ᠡᠬᠢᠯᠡᠵᠦ᠂  ︽ᠮᠣᠩᠭᠣᠯ ᠥᠪ ᠰᠤᠶᠤᠯ᠂ ᠶᠣᠰᠣ ᠵᠠᠩᠰᠢᠯ᠂ ᠠᠵᠤ ᠪᠠᠶᠢᠳᠠᠯ ᠢ ᠬᠠᠷᠠᠭᠤᠯᠤᠭᠰᠠᠨ ᠦᠵᠡᠭᠦᠯᠪᠦᠷᠢ︾ ᠪᠠᠷ ᠦᠷᠭᠦᠯᠵᠢᠯᠡᠵᠦ᠂ ᠪᠡᠰᠡᠷᠡᠭ ᠨᠠᠭᠠᠳᠤᠮ ᠵᠣᠬᠢᠶᠠᠨ ᠪᠠᠶᠢᠭᠤᠯᠵᠤ᠂ ᠣᠯᠠᠨ ᠤᠯᠤᠰ ᠤᠨ ᠵᠢᠷᠤᠭᠠᠴᠢᠳ ᠤᠨ ᠤᠷᠠᠨ ᠪᠦᠲᠦᠭᠡᠯ ᠦᠨ ᠦᠵᠡᠰᠬᠦᠯᠡᠩ ᠢ ᠲᠣᠯᠢᠯᠠᠭᠤᠯᠵᠤ᠂ ᠮᠣᠩᠭᠣᠯ ᠲᠤᠭᠤᠷᠭᠠᠲᠠᠨ ᠤ ᠢᠵᠠᠭᠤᠷ ᠤᠷᠠᠯᠢᠭ ᠤᠨ ︽ᠡᠬᠡ ᠤᠨᠳᠤᠷᠭ᠎ᠠ︾ ᠪᠣᠯᠤᠨ ︽ᠳᠠᠭᠤᠤ ᠬᠤᠭᠤᠷ ᠤᠨ ᠣᠷᠣᠨ︾ ᠲᠣᠭᠯᠠᠯᠲᠠ ᠨᠤᠭᠤᠳ ᠢᠶᠠᠨ ᠡᠷᠭᠦᠨ ᠪᠠᠷᠢᠬᠤ ᠠᠵᠡᠢ᠃  ᠶᠡᠬᠡ ᠨᠠᠭᠠᠳᠤᠮ ᠤᠨ ᠰᠡᠭᠦᠯᠴᠢ ᠶᠢᠨ ᠡᠳᠦᠷ ︽ᠮᠥᠩᠬᠡ ᠲᠩᠷᠢ ᠳᠦ ᠪᠡᠨ ᠡᠷᠭᠦᠬᠦ ᠳᠠᠭᠤᠤ ᠶᠢᠨ ᠰᠠᠴᠤᠯᠢ︾ 3000 ᠤᠷᠲᠤ ᠶᠢᠨ ᠳᠠᠭᠤᠴᠢᠳ᠂ ᠮᠣᠷᠢᠨ ᠬᠤᠭᠤᠷᠴᠢᠳ ᠤᠨ ᠬᠦᠨᠳᠦᠳᠬᠡᠯ ᠦᠨ ᠲᠣᠭᠯᠠᠯᠲᠠ ᠪᠠᠷ ᠡᠬᠢᠯᠡᠵᠦ᠂  ᠠᠶᠢᠷᠠᠭ ᠤᠨ ᠪᠠᠶᠠᠷ᠂  ︽ᠤᠷᠠᠨ ᠦᠭᠡᠰ ᠦᠨ ᠴᠢᠭᠤᠯᠭᠠᠨ︾ ᠢᠷᠠᠭᠤ ᠨᠠᠶᠢᠷᠠᠭ ᠤᠨ ᠴᠡᠩᠭᠡᠭᠦᠨ᠂ ︽ᠮᠣᠩᠭᠣᠯ ᠬᠤᠪᠴᠠᠰᠤ ︾ ᠵᠠᠭᠪᠤᠷ ᠤᠨ ᠲᠣᠭᠯᠠᠯᠲᠠ ᠪᠠᠷ ᠦᠷᠭᠦᠯᠵᠢᠯᠡᠵᠦ᠂ ᠳᠠᠭᠤᠤ ᠬᠤᠭᠤᠷ ᠤᠨ ᠥᠯᠥᠭᠡᠢ-ᠳᠤᠮᠳᠠᠭᠤᠪᠢ ᠨᠤᠲᠤᠭ ᠠᠴᠠ ᠲᠥᠷᠥᠨ ᠭᠠᠷᠤᠭᠰᠠᠨ ᠤᠷᠠᠯᠢᠭ ᠰᠤᠶᠤᠯ ᠤᠨ ᠠᠯᠳᠠᠷᠲᠠᠨ ᠨᠤᠭᠤᠳ ᠤᠨ ᠨᠢᠭᠡᠳᠦᠭᠰᠡᠨ ᠲᠣᠭᠯᠠᠯᠲᠠ ᠪᠠᠷ ᠥᠨᠳᠥᠷᠯᠡᠬᠦ ᠠᠵᠠᠢ ᠃

ᠰᠡᠳᠬᠢᠭᠳᠡᠯ ᠦᠯᠡᠳᠡᠭᠡᠬᠦ