ᠬᠠᠺᠤᠬᠤ᠋ ᠳᠤ ᠰᠢᠢᠳᠭᠡᠯ ᠣᠨᠣᠭᠳᠠᠭᠤᠯᠬᠤ ᠪᠠᠷ ᠪᠣᠯᠵᠠᠢ | News.MN

ᠬᠠᠺᠤᠬᠤ᠋ ᠳᠤ ᠰᠢᠢᠳᠭᠡᠯ ᠣᠨᠣᠭᠳᠠᠭᠤᠯᠬᠤ ᠪᠠᠷ ᠪᠣᠯᠵᠠᠢ

ᠰᠦᠮᠦᠦ ᠪᠥᠬᠡ ᠶᠢᠨ ᠬᠣᠯᠪᠣᠭᠠᠨ ᠤ ᠶᠣᠺᠣᠽᠦᠨ᠎ᠠ ᠶᠢᠨ ︵ᠠᠪᠤᠷᠭᠤ ᠶᠢᠨ︶ ᠵᠥᠪᠯᠡᠯ ᠡᠴᠡ ᠶᠡᠬᠡ ᠠᠪᠤᠷᠭᠤ ᠬᠠᠺᠤᠬᠤ᠋  ᠮ∙ᠳᠠᠸᠠᠵᠢᠷᠭᠠᠯ ᠳᠤ ᠰᠢᠢᠳᠭᠡᠯ ᠣᠨᠣᠭᠠᠬᠤ ᠶᠢ ᠡᠭᠦᠷᠭᠡ ᠪᠣᠯᠭᠠᠵᠠᠢ᠃ ᠣᠳᠣ ᠪᠠᠷ ᠲᠡᠭᠦᠨ ᠳᠦ ᠶᠠᠮᠠᠷ  ᠰᠢᠢᠳᠭᠡᠯ ᠣᠨᠣᠭᠠᠬᠤ ᠰᠢᠢᠳᠪᠦᠷᠢ ᠭᠠᠷᠤᠭ᠎ᠠ ᠦᠭᠡᠢ ᠪᠠᠶᠢᠭ᠎ᠠ ᠠᠵᠠᠢ ᠃ ᠥᠩᠭᠡᠷᠡᠭᠴᠢ ᠭᠤᠷᠪᠠᠳᠤᠭᠠᠷ ᠰᠠᠷ᠎ᠠ ᠳᠤ ᠣᠰᠠᠺᠠ ᠬᠤᠲᠠ ᠳᠤ ᠪᠣᠯᠤᠭᠰᠠᠨ ᠬᠠᠪᠤᠷ ᠤᠨ ᠲᠡᠮᠡᠴᠡᠭᠡᠨ ᠳᠦ ᠶᠡᠬᠡ ᠠᠪᠤᠷᠭᠤ  ᠬᠠᠺᠤᠬᠤ᠋ 15 ᠳᠠᠪᠠᠭ᠎ᠠ ᠲᠠᠢ  ᠲᠦᠷᠦᠭᠦᠯᠡᠭᠰᠡᠨ ᠢᠶᠡᠷ 42  ᠳ᠋ᠡᠬᠢ ᠲᠦᠷᠦᠭᠦᠦ ᠪᠡᠨ ᠬᠦᠷᠲᠡᠭᠰᠡᠨ ᠪᠢᠯᠡ᠃
ᠬᠠᠺᠤᠬᠤ᠋ ᠰᠦᠮᠦᠦ ᠶᠢᠨ ᠣᠷᠳᠣᠨ ᠳᠤ ᠴᠤᠭᠯᠠᠭᠰᠠᠨ ᠦᠵᠡᠭᠴᠢᠳ ᠢ ᠠᠯᠠᠭ᠎ᠠ ᠲᠠᠰᠢᠨ᠂ ᠤᠤᠬᠠᠶᠢᠯᠠᠭᠤᠯᠤᠭᠰᠠᠨ ᠨᠢ ᠰᠢᠢᠳᠭᠡᠯ ᠠᠪᠬᠤ ᠳᠤ ᠬᠦᠷᠭᠡᠵᠡᠢ᠃ ᠶᠣᠺᠣᠽᠦᠨ᠎ᠠ ᠶᠢᠨ ᠵᠥᠪᠯᠡᠯ ᠡᠴᠡ ︽ᠰᠦᠮᠦᠦ ᠳᠤ ᠡᠶᠢᠮᠦ ᠶᠣᠰᠣᠯᠠᠯ ᠬᠢᠬᠦ ᠶᠣᠰᠣ ᠦᠭᠡᠢ︾ ᠭᠡᠰᠡᠨ ᠲᠠᠶᠢᠯᠪᠤᠷᠢ ᠶᠢ ᠥᠭᠴᠦ ᠤᠯᠠᠮᠵᠢᠯᠠᠯ ᠶᠣᠰᠣ ᠪᠠᠨ ᠬᠠᠳᠠᠭᠠᠯᠠᠵᠤ ᠦᠯᠡᠳᠡᠬᠦ ᠶᠢᠨ ᠲᠤᠯᠠᠳᠠ ᠵᠦᠭᠡᠷ ᠣᠷᠬᠢᠵᠤ ᠪᠣᠯᠬᠤ ᠦᠭᠡᠢ ᠭᠡᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ