ᠠᠬᠠᠮᠠᠳ ᠲᠠᠮᠢᠷᠴᠢᠳ ᠲᠤ ᠬᠦᠨᠳᠦᠳᠬᠡᠯ ᠦᠵᠡᠭᠦᠯᠦᠯ᠎ᠡ | News.MN

ᠠᠬᠠᠮᠠᠳ ᠲᠠᠮᠢᠷᠴᠢᠳ ᠲᠤ ᠬᠦᠨᠳᠦᠳᠬᠡᠯ ᠦᠵᠡᠭᠦᠯᠦᠯ᠎ᠡ

ᠫᠤᠯᠱᠠ ᠶᠢᠨ ᠲᠣᠷᠣᠨ ᠬᠤᠲᠠ ᠳᠤ ᠪᠣᠯᠤᠭᠰᠠᠨ ᠮᠠᠰᠲ᠋ᠸᠷ ᠤᠳ ᠤᠨ ᠬᠥᠩᠭᠡᠨ ᠠᠲᠯᠧᠲ᠋ᠢᠺ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠵᠢᠯᠲᠠᠲᠠᠢ ᠣᠷᠣᠯᠴᠠᠭᠰᠠᠨ 85 ᠨᠠᠰᠤᠲᠠᠢ ᠢᠷᠭᠡᠨ ᠼ∙ᠷᠠᠳᠨᠠ᠂ 81 ᠨᠠᠰᠤᠲᠠᠢ ᠢᠷᠭᠡᠨ ᠲ∙ᠰᠡᠷᠡᠩᠳᠣᠯᠭᠣᠷ ᠨᠠᠷ ᠢ ᠥᠨᠥᠳᠥᠷ ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨᠲᠯᠢᠭ᠂ ᠪᠡᠶ᠎ᠡ ᠶᠢᠨ ᠲᠠᠮᠢᠷ ᠰᠫᠣᠷᠲ ᠤᠨ ᠭᠠᠵᠠᠷ ᠤᠨ ᠤᠳᠤᠷᠢᠳᠤᠯᠭ᠎ᠠ ᠨᠠᠷ ᠪᠣᠯᠤᠨ ᠮᠣᠩᠭᠣᠯ ᠤᠨ ᠮᠠᠰᠲ᠋ᠸᠷ ᠤᠳ ᠤᠨ ᠪᠡᠶ᠎ᠡ ᠶᠢᠨ ᠲᠠᠮᠢᠷ ᠤᠨ ᠰᠫᠣᠷᠲ ᠤᠨ ᠬᠣᠷᠢᠶᠠᠨ ᠠᠴᠠ ᠬᠦᠯᠢᠶᠡᠨ ᠠᠪᠴᠤ ᠠᠭᠤᠯᠵᠠᠯ᠎ᠠ᠃
2019 ᠣᠨ ᠤ ᠮᠠᠰᠲ᠋ᠸᠷ ᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 88 ᠣᠷᠣᠨ ᠤ ᠲᠠᠮᠢᠷᠴᠢᠳ ᠥᠷᠢᠰᠦᠯᠳᠦᠭᠰᠡᠨ ᠡᠴᠡ ᠮᠣᠩᠭᠣᠯ ᠤᠨ 13 ᠲᠠᠮᠢᠷᠴᠢᠨ ᠣᠷᠣᠯᠴᠠᠵᠤ᠂ ᠼ∙ᠷᠠᠳᠨᠠ ᠭᠤᠷᠪᠠᠨ ᠠᠯᠲᠠ᠂ ᠲ∙ᠰᠡᠷᠡᠩᠳᠣᠯᠭᠣᠷ ᠨᠢᠭᠡ ᠠᠯᠲᠠ᠂ ᠭᠤᠷᠪᠠᠨ ᠮᠥᠩᠭᠥᠨ ᠮᠧᠳᠠᠯ ᠬᠦᠷᠲᠡᠭᠰᠡᠨ ᠶᠤᠮ᠃ 85 ᠍ ᠠᠴᠠ ᠳᠡᠭᠡᠭᠰᠢ ᠨᠠᠰᠤᠨ ᠤ ᠠᠩᠭᠢᠯᠠᠯ ᠳᠤ ᠥᠷᠢᠰᠦᠯᠳᠦᠭᠰᠡᠨ ᠼ∙ᠷᠠᠳᠨᠠ 400 ᠮᠧᠲ᠋ᠷ ᠲᠦ ᠶᠠᠫᠣᠨ᠂ ᠭᠧᠷᠮᠠᠨ᠂ ᠶᠡᠬᠡ ᠪᠷᠢᠲ᠋ᠠᠨᠢ᠂ ᠠᠮᠧᠷᠢᠺᠠ ᠶᠢᠨ ᠲᠠᠮᠢᠷᠴᠢᠳ ᠢ ᠠᠷᠤ ᠳᠠᠭᠠᠨ ᠣᠷᠬᠢᠨ ᠳᠡᠯᠡᠬᠡᠢ ᠶᠢᠨ ᠠᠪᠤᠷᠭᠤ ᠪᠣᠯᠤᠭᠰᠠᠨ ᠠᠴᠠ ᠭᠠᠳᠠᠨ᠎ᠠ ᠳᠡᠯᠡᠬᠡᠢ ᠶᠢᠨ ᠷᠧᠺᠣᠷᠳ᠋ ᠢ ᠰᠢᠨᠡᠴᠢᠯᠡᠨ ᠲᠣᠭᠲᠠᠭᠠᠭᠰᠠᠨ᠃ ᠮᠥᠨ ᠡᠮᠡᠭᠲᠡᠢ ᠠᠬᠠᠮᠠᠳ ᠲᠠᠮᠢᠷᠴᠢᠳ ᠠᠴᠠ ᠲ∙ᠰᠡᠷᠡᠩᠳᠣᠯᠭᠣᠷ ᠦᠨᠡᠮᠯᠡᠬᠦᠢ ᠠᠮᠵᠢᠯᠲᠠ ᠦᠵᠡᠭᠦᠯᠵᠦ᠂ ᠨᠢᠭᠡ ᠠᠯᠲᠠ᠂ ᠳᠥᠷᠪᠡᠨ ᠮᠥᠩᠭᠥᠨ ᠮᠧᠳᠠᠯ ᠬᠦᠷᠲᠡᠭᠰᠡᠨ ᠶᠤᠮ᠃ ᠲᠡᠷᠡᠪᠡᠷ 80 ᠍ ᠠᠴᠠ ᠳᠡᠭᠡᠭᠰᠢ ᠨᠠᠰᠤᠨ ᠤ ᠠᠩᠭᠢᠯᠠᠯ ᠳᠤ ᠰᠢᠳᠡᠯᠲᠡ ᠶᠢᠨ ᠲᠠᠪᠤᠨ ᠲᠥᠷᠥᠯ ᠢᠶᠡᠷ ᠥᠷᠢᠰᠦᠯᠳᠦᠵᠦ᠂ ᠭᠧᠷᠮᠠᠨ᠂  ᠫᠤᠯᠱᠠ᠂ ᠠᠮᠧᠷᠢᠺᠠ ᠶᠢᠨ ᠲᠠᠮᠢᠷᠴᠢᠳ ᠢ ᠢᠯᠠᠵᠤ᠂ ᠳᠡᠯᠡᠬᠡᠢ ᠶᠢᠨ ᠠᠪᠤᠷᠭᠤ ᠪᠣᠯᠤᠨ ᠳᠡᠯᠡᠬᠡᠢ ᠶᠢᠨ ᠬᠣᠱᠣᠢ ᠠᠪᠤᠷᠭᠤ ᠪᠣᠯᠤᠭᠰᠠᠨ ᠶᠤᠮ᠃

ᠰᠡᠳᠬᠢᠭᠳᠡᠯ ᠦᠯᠡᠳᠡᠭᠡᠬᠦ