ᠡᠳ᠋ ᠍ ᠦᠨ ᠵᠠᠰᠠᠭ 2019 ᠣᠨ ᠳᠤ ᠥᠰᠴᠦ᠂ 2020 ᠣᠨ ᠳᠤ  ᠪᠠᠭᠤᠷᠠᠨ᠎ᠠ | News.MN

ᠡᠳ᠋ ᠍ ᠦᠨ ᠵᠠᠰᠠᠭ 2019 ᠣᠨ ᠳᠤ ᠥᠰᠴᠦ᠂ 2020 ᠣᠨ ᠳᠤ  ᠪᠠᠭᠤᠷᠠᠨ᠎ᠠ

 

ᠥᠨᠥᠳᠥᠷ ︵2019.04.03︶  ᠠᠽᠢᠶ᠎ᠠ ᠶᠢᠨ ᠬᠥᠭᠵᠢᠯ ᠦᠨ ᠪᠠᠩᠬᠢᠨ ᠠᠴᠠ ᠮᠣᠩᠭᠣᠯ ᠤᠯᠤᠰ ᠤᠨ ᠡᠨᠡ ᠣᠨ ᠪᠣᠯᠤᠨ ᠢᠷᠡᠬᠦ ᠣᠨ ᠤ ᠡᠳ᠋ ᠍ ᠦᠨ ᠵᠠᠰᠠᠭ ᠤᠨ ᠲᠥᠯᠥᠪ ᠢ ᠲᠠᠨᠢᠯᠴᠠᠭᠤᠯᠤᠯ᠎ᠠ᠃ ᠲᠠᠨᠢᠯᠴᠠᠭᠤᠯᠭ᠎ᠠ ᠶᠢ ᠠᠽᠢᠶ᠎ᠠ ᠶᠢᠨ ᠬᠥᠭᠵᠢᠯ ᠦᠨ ᠪᠠᠩᠬᠢᠨ ᠤ ᠮᠣᠩᠭᠣᠯ ᠳ᠋ᠡᠬᠢ ᠰᠠᠭᠤᠷᠢᠨ ᠲᠥᠯᠥᠭᠡᠯᠡᠭᠴᠢ ᠶᠤᠯᠠᠨᠳᠠ ᠹᠸᠷᠨᠠᠨᠳ᠋ᠸᠽ  ᠯᠤᠤᠮ᠂ ᠰᠠᠭᠤᠷᠢᠨ ᠲᠥᠯᠥᠭᠡᠯᠡᠭᠴᠢ ᠶᠢᠨ ᠣᠷᠣᠯᠠᠭᠴᠢ᠂ ᠠᠬᠠᠯᠠᠬᠤ ᠡᠳ᠋ ᠍ ᠦᠨ ᠵᠠᠰᠠᠭᠴᠢ ᠳ᠋ᠸᠺᠯᠠᠨ  ᠮᠠᠭᠢ ᠨᠠᠷ ᠬᠢᠭᠰᠡᠨ ᠶᠤᠮ᠃
ᠮᠣᠩᠭᠣᠯ ᠤᠯᠤᠰ ᠤᠨ ᠡᠳ᠋ ᠍ ᠦᠨ ᠵᠠᠰᠠᠭ ᠤᠨ ᠥᠰᠦᠯᠲᠡ2019 ᠣᠨ ᠳᠤ 6.7 ᠬᠤᠪᠢ᠂2020 ᠣᠨ ᠳᠤ 6.3 ᠬᠤᠪᠢ ᠪᠣᠯᠵᠤ ᠶᠠᠯᠢᠮ ᠦᠭᠡᠢ ᠪᠠᠭᠤᠷᠠᠬᠤ ᠲᠥᠯᠥᠪᠲᠡᠢ᠃ ᠢᠨᠹᠯᠢᠶᠠᠼ ᠤᠨ ᠲᠦᠪᠰᠢᠨ2019 ᠣᠨ ᠳᠤ 8.5 ᠬᠤᠪᠢ᠂2020 ᠣᠨ ᠳᠤ 7.5 ᠬᠤᠪᠢ ᠪᠣᠯᠬᠤ ᠲᠥᠯᠥᠪᠲᠡᠢ᠃ ᠤᠷᠤᠰᠬᠠᠯ ᠳᠠᠩᠰᠠᠨ ᠤ ᠠᠯᠳᠠᠭᠳᠠᠯ᠄2019 ᠣᠨ ᠳᠤ -9.6 ᠬᠤᠪᠢ᠂2020 ᠣᠨ ᠳᠤ -13.0 ᠬᠤᠪᠢ ᠪᠠᠶᠢᠬᠤ ᠲᠥᠯᠥᠪᠲᠡᠢ᠃ ᠡᠭᠦᠨ ᠡᠴᠡ ᠦᠵᠡᠬᠦ ᠳᠦ 2019᠂ 2020 ᠣᠨ ᠤ ᠮᠣᠩᠭᠣᠯ ᠤᠯᠤᠰ ᠤᠨ ᠡᠳ᠋ ᠍ ᠦᠨ ᠵᠠᠰᠠᠭ ᠤᠨ ᠲᠥᠯᠥᠪ ᠡᠶᠡᠷᠭᠦ ᠬᠠᠨᠳᠤᠯᠭ᠎ᠠ ᠲᠠᠢ ᠪᠠᠶᠢᠨ᠎ᠠ᠃ 2020 ᠣᠨ ᠳᠤ ᠡᠳ᠋ ᠦᠨ ᠵᠠᠰᠠᠭ ᠬᠥᠷᠥᠩᠭᠡ ᠣᠷᠣᠭᠤᠯᠤᠯᠲᠠ ᠠᠴᠠ ᠰᠢᠯᠲᠠᠭᠠᠯᠠᠨ ᠶᠠᠯᠢᠮ ᠦᠭᠡᠢ ᠪᠠᠭᠤᠷᠠᠬᠤ ᠲᠥᠯᠥᠪᠲᠡᠢ ᠪᠠᠶᠢᠭ᠎ᠠ ᠲᠤᠯᠠ ᠡᠨᠡ ᠣᠨ ᠤ ᠥᠰᠦᠯᠲᠡ ᠡᠴᠡ ᠬᠤᠷᠠᠮᠳᠤᠯᠠᠯ ᠪᠤᠢ ᠪᠣᠯᠭᠠᠨ ᠢᠷᠡᠬᠦ ᠣᠨ ᠳᠤ ᠤᠯᠭᠤᠬᠤ ᠥᠷᠢᠨ ᠳᠦ ᠪᠡᠨ ᠲᠥᠯᠥᠪᠯᠡᠬᠦ ᠬᠡᠷᠡᠭᠲᠡᠢ ᠭᠡᠵᠤ ᠲᠡᠳᠡ ᠭᠡᠯ᠎ᠡ᠃ 2018 ᠣᠨ ᠤ ᠡᠳ᠋ ᠍ ᠦᠨ ᠵᠠᠰᠠᠭ ᠤᠨ ᠦᠰᠦᠯᠲᠡ ᠳᠦ ᠳᠣᠲᠣᠭᠠᠳᠤ ᠶᠢᠨ ᠪᠣᠯᠪᠠᠰᠤᠷᠠᠭᠤᠯᠬᠤ ᠦᠢᠯᠡᠳᠪᠦᠷᠢ᠂ ᠪᠤᠰᠤᠳ ᠦᠢᠯᠡᠴᠢᠯᠡᠭᠡᠨ ᠦ ᠳᠠᠩᠰᠠ᠂ ᠠᠭᠤᠯᠠ ᠠᠭᠤᠷᠬᠠᠢ ᠶᠢᠨ ᠰᠠᠯᠪᠤᠷᠢ ᠶᠢᠨ ᠬᠥᠷᠥᠩᠭᠡ ᠣᠷᠣᠭᠤᠯᠤᠯᠲᠠ ᠡᠶᠡᠷᠭᠦ ᠪᠡᠷ ᠨᠥᠯᠦᠭᠡᠯᠡᠵᠦ ᠪᠠᠶᠢᠭᠰᠠᠨ ᠪᠣᠯ ᠵᠠᠰᠠᠭ ᠤᠨ ᠭᠠᠵᠠᠷ ᠤᠨ ᠬᠥᠷᠥᠩᠭᠡ ᠣᠷᠣᠭᠤᠯᠤᠯᠲᠠ ᠶᠢᠨ ᠵᠠᠷᠤᠳᠠᠯ᠂ ᠬᠥᠳᠡᠭᠡ ᠠᠵᠤ ᠠᠬᠤᠢ᠂ ᠠᠭᠤᠯᠠ ᠠᠭᠤᠷᠬᠠᠢ ᠶᠢᠨ ᠰᠠᠯᠪᠤᠷᠢ ᠭᠣᠣᠯᠴᠢᠯᠠᠭᠰᠠᠨ ᠴᠡᠪᠡᠷ ᠡᠺᠰᠫᠣᠷᠲ᠂ ᠪᠠᠷᠢᠯᠭ᠎ᠠ ᠶᠢᠨ ᠰᠠᠯᠪᠤᠷᠢ ᠶᠢᠨ ᠦᠢᠯᠡ ᠠᠵᠢᠯᠯᠠᠭ᠎ᠠ ᠵᠡᠷᠭᠡ ᠳᠦ ᠰᠡᠷᠭᠦᠯᠲᠡ ᠦᠷᠭᠦᠯᠵᠢᠯᠡᠨ᠎ᠡ ᠭᠡᠵᠦ ᠰᠠᠭᠤᠷᠢᠨ ᠲᠥᠯᠥᠭᠡᠯᠡᠭᠴᠢᠳ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ