ᠵ∙ᠡᠩᠬᠡᠪᠠᠶᠠᠷ᠂ ᠪ∙ᠨᠠᠷᠠᠨᠬᠦᠦ ᠶᠢ ᠣᠷᠣᠯᠭ᠎ᠠ ᠪᠠᠨ ᠨᠣᠲᠠᠯᠠᠬᠤ ᠶᠢ ᠱᠠᠭᠠᠷᠳᠠᠪᠠ | News.MN

ᠵ∙ᠡᠩᠬᠡᠪᠠᠶᠠᠷ᠂ ᠪ∙ᠨᠠᠷᠠᠨᠬᠦᠦ ᠶᠢ ᠣᠷᠣᠯᠭ᠎ᠠ ᠪᠠᠨ ᠨᠣᠲᠠᠯᠠᠬᠤ ᠶᠢ ᠱᠠᠭᠠᠷᠳᠠᠪᠠ

︽ᠣᠷᠣᠯᠭ᠎ᠠ ᠪᠠᠨ ᠨᠤᠲᠠᠯᠠ︾ ᠬᠥᠳᠡᠯᠭᠡᠭᠡᠨ ᠦ ᠬᠢᠨ ᠥᠩᠭᠡᠷᠡᠭᠴᠢ ᠠᠷᠪᠠᠨ ᠬᠣᠶᠠᠳᠤᠭᠠᠷ ᠰᠠᠷ᠎ᠠ ᠳᠤ ᠤᠯᠤᠰ ᠤᠨ ᠶᠡᠬᠡ ᠬᠤᠷᠠᠯ  ᠤᠨ ᠭᠡᠰᠢᠭᠦᠨ ᠵ∙ᠮᠥᠩᠬᠡᠪᠠᠲᠤ᠂ ᠰ∙ᠡᠷᠳᠡᠨᠢ ᠨᠠᠷ ᠢ ᠣᠷᠣᠯᠭ᠎ᠠ ᠪᠠᠨ ᠨᠣᠲᠠᠯᠠᠬᠤ ᠶᠢ ᠱᠠᠭᠠᠷᠳᠠᠵᠤ ᠪᠠᠶᠢᠭᠰᠠᠨ᠃ ᠡᠨᠡ ᠤᠳᠠᠭ᠎ᠠ ᠤᠯᠤᠰ ᠤᠨ ᠶᠡᠬᠡ ᠬᠤᠷᠠᠯ  ᠤᠨ ᠭᠡᠰᠢᠭᠦᠨ ᠪ∙ᠨᠠᠷᠠᠨᠬᠦᠦ᠂ ᠵ ∙ ᠡᠩᠬᠡᠪᠠᠶᠠᠷ ᠨᠠᠷ ᠢ ᠣᠷᠣᠯᠭ᠎ᠠ ᠪᠠᠨ ᠨᠣᠲᠠᠯᠠᠬᠤ ᠶᠢ ᠱᠠᠭᠠᠷᠳᠠᠵᠤ ᠮᠡᠳᠡᠭᠡᠯᠡᠯ ᠬᠢᠯ᠎ᠡ᠃
ᠤᠴᠢᠷ ᠨᠢ ᠰᠡᠭᠦᠯ ᠦᠨ ᠲᠠᠪᠤᠨ ᠵᠢᠯ ᠦᠨ ᠬᠤᠭᠤᠴᠠᠭᠠᠨ ᠳᠤ ᠬᠠᠮᠤᠭ ᠤᠨ ᠶᠡᠬᠡ ᠣᠷᠣᠯᠭ᠎ᠠ ᠣᠯᠤᠭᠰᠠᠨ ᠭᠡᠰᠢᠭᠦᠨ ᠢᠶᠡᠷ ᠵ∙ᠡᠩᠬᠡᠪᠠᠶᠠᠷ᠂ ᠂ ᠬᠠᠮᠤᠭ ᠤᠨ ᠶᠡᠬᠡ ᠬᠥᠷᠥᠩᠭᠡ ᠲᠡᠢ ᠭᠡᠰᠢᠭᠦᠨ ᠢᠶᠡᠷ ᠪ∙ᠨᠠᠷᠠᠨᠬᠦᠦ ᠲᠣᠳᠣᠷᠠᠭᠰᠠᠨ ᠲᠤᠯᠠ ᠡᠶᠢᠨ ᠬᠦ  ᠤᠷᠤᠯᠭ᠎ᠠ ᠪᠠᠨ ᠨᠣᠲᠠᠯᠠᠬᠤ ᠶᠢ ᠱᠠᠭᠠᠷᠳᠠᠵᠤ ᠪᠤᠢ ᠠᠵᠠᠢ ᠃  ᠵ∙ᠡᠩᠬᠡᠪᠠᠶᠠᠷ 1999 ᠣᠨ ᠳᠤ ᠰᠤᠷᠭᠠᠭᠤᠯᠢ ᠲᠡᠭᠦᠰᠦᠭᠰᠡᠨ ᠡᠴᠡ ᠬᠣᠶᠢᠰᠢ ᠲᠥᠷᠥ ᠶᠢᠨ ᠪᠠᠶᠢᠭᠤᠯᠤᠯᠭ᠎ᠠ ᠳᠤ ᠲᠠᠰᠤᠷᠠᠯᠲᠠ ᠦᠭᠡᠢ ᠠᠵᠢᠯᠯᠠᠭᠰᠠᠨ᠃ ᠭᠡᠲᠡᠯ᠎ᠡ ᠥᠪᠡᠷ ᠦᠨ ᠣᠷᠣᠯᠭ᠎ᠠ ᠪᠠᠨ 2015 ᠣᠨ ᠳᠤ 4.2 ᠲᠡᠷᠪᠤᠮ᠂ 2016 ᠣᠨ ᠳᠤ 4.9 ᠲᠡᠷᠪᠤᠮ᠂ 2017 ᠣᠨ ᠳᠤ 2.4 ᠲᠡᠷᠪᠤᠮ ᠬᠡᠮᠡᠨ ᠲᠠᠶᠢᠯᠤᠩᠨᠠᠭᠰᠠᠨ ᠪᠠᠶᠢᠨ᠎ᠠ᠃ ᠲᠡᠶᠢᠮᠦ ᠡᠴᠡ ᠬᠦᠨᠡᠰᠦᠨ ᠦ ᠦᠢᠯᠡᠳᠪᠤᠷᠢᠯᠡᠯ ᠤᠨ ᠨᠢᠭᠡᠳᠦᠯ ᠤᠨ ᠬᠢᠨ  ᠲᠡᠭᠦᠨ  ᠡᠴᠡ᠄ ᠲᠠ ᠲᠥᠷᠥ ᠳᠦ ᠲᠠᠰᠤᠷᠠᠯᠲᠠ ᠦᠭᠡᠢ ᠠᠵᠢᠯᠯᠠᠬᠤ ᠶᠢᠨ ᠵᠡᠷᠭᠡᠴᠡᠭᠡ  ᠪᠢᠽᠢᠨᠧᠰ ᠬᠢᠵᠦ᠂ ᠡᠶᠢᠮᠦ ᠥᠨᠳᠥᠷ ᠣᠷᠣᠯᠭ᠎ᠠ ᠣᠯᠵᠤ ᠪᠠᠶᠢᠭ᠎ᠠ ᠨᠢᠭᠤᠴᠠ ᠠᠴᠠ ᠪᠠᠨ ᠪᠢᠳᠡᠨ ᠲᠡᠢ ᠬᠤᠪᠢᠶᠠᠯᠴᠠᠭᠠᠴᠢ ᠭᠡᠰᠡᠨ ᠠᠰᠠᠭᠤᠯᠲᠠ ᠶᠢ ᠲᠠᠯᠪᠢᠵᠤ ᠪᠠᠶᠢᠭ᠎ᠠ ᠶᠤᠮ ᠪᠠᠶᠢᠨ᠎ᠠ᠃
ᠮᠥᠨ ᠬᠥᠷᠥᠩᠭᠡ ᠪᠡᠷ ᠢᠶᠡᠨ ᠲᠡᠷᠢᠭᠦᠯᠡᠵᠦ ᠪᠠᠶᠢᠭ᠎ᠠ ᠪ∙ᠨᠠᠷᠠᠨᠬᠦᠦ  ᠭᠡᠰᠢᠭᠦᠨ ᠢ 2.5 ᠲᠡᠷᠪᠤᠮ ᠲᠥᠭᠥᠷᠢᠭ ᠦᠨ ᠬᠥᠷᠥᠩᠭᠡ ᠲᠡᠢ᠃ ᠡᠨᠡ ᠬᠡᠮᠵᠢᠶᠡᠨ ᠦ ᠬᠥᠷᠥᠩᠭᠡ ᠪᠡᠨ ᠬᠠᠮᠢᠭ᠎ᠠ ᠠᠴᠠ ᠣᠯᠤᠭᠰᠠᠨ ᠭᠡᠳᠡᠭ ᠢᠶᠡᠨ ᠨᠣᠲᠠᠯᠠᠬᠤ ᠶᠢ ᠱᠠᠭᠠᠷᠳᠠᠵᠤ ᠪᠠᠶᠢᠨ᠎ᠠ ᠭᠡᠯ᠎ᠡ᠃ ᠲᠡᠳᠡ ᠡᠬᠢᠨ ᠦ ᠡᠭᠡᠯᠵᠢᠨ ᠳᠦ ᠤᠯᠤᠰ ᠤᠨ ᠶᠡᠬᠡ ᠬᠤᠷᠠᠯ ᠤᠨ ᠭᠡᠰᠢᠭᠦᠳ ᠢ ᠣᠷᠣᠯᠭ᠎ᠠ ᠪᠠᠨ ᠨᠣᠲᠠᠯᠠᠬᠤ ᠶᠢ ᠱᠠᠭᠠᠷᠳᠠᠨ᠎ᠠ᠃ ᠨᠣᠲᠠᠯᠠᠬᠤ ᠦᠭᠡᠢ ᠪᠣᠯ ᠤᠯᠤᠰ ᠤᠨ ᠶᠡᠬᠡ ᠬᠤᠷᠠᠯ ᠤᠨ ᠶᠤᠰᠤ ᠵᠦᠢ ᠶᠢᠨ ᠳᠡᠳ᠋ ᠬᠣᠷᠢᠶᠠᠨ ᠳᠤ ᠭᠣᠮᠣᠳᠠᠯ ᠭᠠᠷᠭᠠᠵᠤ ᠰᠢᠯᠭᠠᠭᠤᠯᠬᠤ ᠪᠠᠨ ᠮᠡᠳᠡᠭᠳᠡᠯ᠎ᠡ᠃

ᠰᠡᠳᠬᠢᠭᠳᠡᠯ ᠦᠯᠡᠳᠡᠭᠡᠬᠦ