ᠳ∙ᠭᠠᠩᠰᠠᠷᠠᠭᠤᠯ ︽ᠭ∙ᠰᠸᠷᠠᠤᠳᠤ︾ ᠶᠢᠨ ᠨᠡᠷᠡᠮᠵᠢᠲᠦ ᠱᠠᠩᠨᠠᠯ ᠬᠦᠷᠲᠡᠯ᠎ᠡ | News.MN

ᠳ∙ᠭᠠᠩᠰᠠᠷᠠᠭᠤᠯ ︽ᠭ∙ᠰᠸᠷᠠᠤᠳᠤ︾ ᠶᠢᠨ ᠨᠡᠷᠡᠮᠵᠢᠲᠦ ᠱᠠᠩᠨᠠᠯ ᠬᠦᠷᠲᠡᠯ᠎ᠡ

ᠮᠤᠩᠭᠤᠯ ᠤᠨ ᠵᠤᠬᠢᠶᠠᠯᠴᠢᠳ ᠤᠨ ᠡᠪᠯᠡᠯ᠍ ᠦᠨ ᠤᠳᠤᠷᠢᠳᠬᠤ ᠵᠥᠪᠯᠡᠯ ᠦᠨ ᠬᠤᠷᠠᠯ ᠢᠶᠠᠷ ︽ᠭ∙ᠰᠸᠷᠠᠤᠳᠤ︾ ᠶᠢᠨ ᠨᠡᠷᠡᠮᠵᠢᠲᠦ ᠱᠠᠩᠨᠠᠯ ᠢ 1990 ᠣᠨ ᠳᠤ ᠪᠤᠢ ᠪᠣᠯᠭᠠᠵᠤ᠂ ᠰᠢᠯᠢᠳᠡᠭ ᠪᠦᠲᠦᠭᠡᠯ ᠲᠤᠭᠤᠷᠪᠢᠭᠰᠠᠨ ᠵᠠᠯᠠᠭᠤ ᠵᠣᠬᠢᠶᠠᠯᠴᠢᠳ ᠲᠤ ᠣᠯᠭᠤᠬᠤ ᠪᠠᠷ ᠰᠢᠢᠳᠪᠦᠷᠢᠯᠡᠭᠰᠡᠨ ᠪᠠᠶᠢᠳᠠᠭ ᠪᠢᠯᠡ᠃ ᠲᠡᠭᠡᠪᠡᠯ ᠳᠡᠯᠡᠬᠡᠢ ᠶᠢᠨ ᠢᠷᠠᠭᠤ ᠨᠠᠶᠢᠷᠠᠭ ᠤᠨ ᠡᠳᠦᠷ ᠢ ᠲᠣᠬᠢᠶᠠᠯᠳᠤᠭᠤᠯᠤᠨ ᠤᠳᠬ᠎ᠠ ᠵᠣᠬᠢᠶᠠᠯ ᠤᠨ ᠬᠠᠮᠤᠭ ᠤᠨ ᠲᠣᠮᠣ ᠱᠠᠩᠨᠠᠯ ᠤᠨ ᠨᠢᠭᠡ ᠪᠣᠯᠬᠤ ︽ᠭ∙ᠰᠸᠷᠠᠤᠳᠤ︾ ᠶᠢᠨ ᠱᠠᠩᠨᠠᠯ ᠢ  ︽ᠡᠳᠦᠷ ᠦᠨ ᠰᠣᠨᠢᠨ︾ ᠍ ᠤ ᠰᠡᠳᠬᠦᠯᠴᠢ᠂ ᠢᠷᠠᠭᠤ ᠨᠠᠶᠢᠷᠠᠭᠴᠢ ᠳ∙ᠭᠠᠩᠰᠠᠷᠠᠭᠤᠯ ᠬᠦᠷᠲᠡᠯ᠎ᠡ᠃ ᠳ∙ᠭᠠᠩᠰᠠᠷᠠᠭᠤᠯ ᠨᠢ ︽ᠵᠢᠷᠦᠬᠡᠨ ᠦ ᠨᠠᠨᠳᠢᠨ ᠡᠮᠵᠡᠭ ᠤᠶᠠᠭ᠎ᠠ ᠴᠢᠮ᠎ᠠ ᠳᠤ ᠪᠠᠨ︾ ᠲᠤᠭᠤᠷᠪᠢᠯ ᠵᠦᠢ ᠶᠢᠨ ᠪᠦᠲᠦᠭᠡᠯ᠂  ︽ᠰᠠᠷᠠᠨ ᠳᠤ ᠭᠠᠩᠳᠠᠭᠰᠠᠨ ᠬᠦᠰᠢᠭᠡ︾ ᠢᠷᠠᠭᠤ ᠨᠠᠶᠢᠷᠠᠭ ᠤᠨ ᠲᠡᠭᠦᠪᠦᠷᠢ᠂  ︽ᠰᠠᠷᠠᠨ ᠤ ᠲᠣᠰᠬᠣᠨ︾ ᠢᠷᠠᠭᠤ ᠨᠠᠶᠢᠷᠠᠭ ᠤᠨ ᠲᠡᠭᠦᠪᠦᠷᠢ ᠪᠣᠯᠤᠨ ︽ᠴᠣᠬᠣᠷ ᠮᠠᠶᠢᠯᠽ ᠤᠨ ᠲᠡᠦᠬᠡ》 ᠵᠡᠷᠭᠡ ᠢᠷᠠᠭᠤ ᠨᠠᠶᠢᠷᠠᠭ᠂  ᠲᠤᠭᠤᠷᠪᠢᠯ ᠵᠦᠢ ᠶᠢᠨ ᠪᠦᠲᠦᠭᠡᠯ ᠢ ᠤᠩᠰᠢᠭᠴᠢᠳ ᠤᠨ ᠭᠠᠷ ᠳᠡᠭᠡᠷ᠎ᠡ ᠬᠦᠷᠭᠡᠭᠰᠡᠨ ᠪᠢᠯᠡ᠃

ᠰᠡᠳᠬᠢᠭᠳᠡᠯ ᠦᠯᠡᠳᠡᠭᠡᠬᠦ