ᠡᠨᠡ ᠰᠠᠷ᠎ᠠ ᠠᠴᠠ ᠪᠥᠬᠡᠴᠦᠳ ᠪᠠᠷᠢᠴᠠ ᠰᠣᠩᠭᠣᠬᠤ ᠦᠭᠡᠢ ᠪᠠᠷᠢᠯᠳᠤᠨ᠎ᠠ | News.MN

ᠡᠨᠡ ᠰᠠᠷ᠎ᠠ ᠠᠴᠠ ᠪᠥᠬᠡᠴᠦᠳ ᠪᠠᠷᠢᠴᠠ ᠰᠣᠩᠭᠣᠬᠤ ᠦᠭᠡᠢ ᠪᠠᠷᠢᠯᠳᠤᠨ᠎ᠠ

ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠬᠠᠶᠠᠯᠴᠠᠬᠤ ᠪᠠᠷᠢᠴᠠ ᠶᠢ ᠰᠣᠩᠭᠣᠭᠤᠯᠬᠤ ᠦᠭᠡᠢ ᠪᠠᠶᠢᠬᠤ ᠪᠠᠷ ᠰᠢᠢᠳᠪᠦᠷᠢ ᠶᠢ ᠥᠩᠭᠡᠷᠡᠭᠴᠢ ᠰᠠᠷ᠎ᠠ ᠳᠤ ᠭᠠᠷᠭᠠᠵᠠᠢ᠃ ᠦᠨᠳᠦᠰᠦᠨ ᠦ ᠪᠥᠬᠡ ᠶᠢᠨ ᠬᠣᠷᠣᠬᠠᠶᠢᠲᠠᠨ ᠨᠤᠭᠤᠳ ᠢ ᠲᠠᠯᠠᠴᠢᠭᠤᠯᠳᠠᠭ ᠪᠠᠶᠢᠭᠰᠠᠨ ᠬᠠᠶᠠᠯᠴᠠᠬᠤ ᠪᠠᠷᠢᠴᠠ ᠶᠢ ᠳᠥᠷᠪᠡ᠂ ᠲᠠᠪᠤᠳᠤᠭᠠᠷ ᠰᠠᠷ᠎ᠠ ᠶᠢᠨ ᠪᠠᠷᠢᠯᠳᠤᠭᠠᠨ ᠳᠤ ᠲᠤᠷᠰᠢᠬᠤ ᠪᠠᠷ ᠪᠣᠯᠤᠭᠰᠠᠨ ᠪᠠᠶᠢᠨ᠎ᠠ᠃ ᠲᠤᠬᠠᠢ ᠶᠢᠨ ᠬᠣᠶᠠᠷ ᠪᠥᠬᠡ ᠶᠢᠨ ᠪᠠᠷᠢᠯᠳᠤᠭᠠᠨ ᠤᠳᠠᠭᠠᠰᠢᠷᠠᠭᠰᠠᠨ ᠲᠣᠬᠢᠶᠠᠯᠳᠤᠯ ᠳᠤ ᠳᠠᠪᠬᠤᠷ ᠱᠤᠳᠠᠭᠳᠠᠭᠰᠠᠨ ᠪᠠᠷᠢᠴᠠᠨ ᠠᠴᠠ ᠪᠠᠷᠢᠯᠳᠤᠭᠤᠯᠬᠤ ᠠᠵᠠᠢ᠃ ᠡᠨᠡ ᠪᠠᠷᠢᠴᠠ ᠠᠴᠠ ᠬᠠᠶᠠᠯᠴᠠᠭ᠎ᠠ ᠦᠭᠡᠢ ᠲᠣᠬᠢᠶᠠᠯᠳᠤᠯ ᠳᠤ ᠬᠡᠨ ᠦ ᠬᠢᠨᠢ ᠲᠠᠯ᠎ᠠ ᠪᠠᠷ ᠪᠠᠷᠢᠯᠳᠤᠬᠤ ᠶᠢ ᠱᠣᠳᠣᠩ᠂ ᠳᠠᠪᠬᠤᠷ  ᠱᠤᠳᠠᠭ ᠤᠨ ᠪᠠᠷᠢᠴᠠ ᠣᠯᠭᠣᠬᠤ ︵ᠤᠴᠠᠷᠠᠭ᠎ᠠ ᠪᠥᠬᠡ ᠨᠢ ᠶᠠᠮᠠᠷ ᠨᠢᠭᠡᠨ ᠪᠠᠷᠢᠴᠠ ᠠᠪᠬᠤ ᠦᠭᠡᠢ︶᠍ ᠪᠠᠷ ᠪᠣᠯᠵᠠᠢ᠃
ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠡᠨᠡ ᠰᠠᠷ᠎ᠠ ᠳᠤ ᠪᠥᠬᠡ ᠶᠢᠨ ᠥᠷᠭᠦᠭᠡᠨ ᠳᠦ ᠳᠣᠯᠣᠭᠠᠨ ᠪᠠᠷᠢᠯᠳᠤᠭᠠᠨ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃ ᠡᠬᠢᠨ ᠦ ᠪᠠᠷᠢᠯᠳᠤᠭᠠᠨ ᠨᠢ ᠢᠷᠡᠬᠦ ᠨᠢᠮ᠎ᠠ ᠭᠠᠷᠠᠭ ᠲᠤ ᠠᠷᠠᠳᠴᠢᠯᠠᠭᠰᠠᠨ ᠨᠠᠮ ᠤᠨ ᠪᠠᠶᠠᠷ ᠲᠤ ᠵᠣᠷᠢᠭᠤᠯᠤᠭᠰᠠᠨ ᠤᠯᠤᠰ᠂ ᠠᠶᠢᠮᠠᠭ ᠤᠨ ᠠᠯᠳᠠᠷ ᠴᠣᠯᠠ ᠲᠠᠢ 256 ᠪᠥᠬᠡ ᠶᠢᠨ ᠪᠠᠷᠢᠯᠳᠤᠭᠠᠨ ᠪᠣᠯᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ