ᠣᠯᠠᠨ ᠤᠯᠤᠰ ᠤᠨ ᠮᠣᠷᠢᠨ ᠴᠡᠷᠢᠭ ᠦᠨ ᠠᠩᠬᠠᠳᠤᠭᠠᠷ ᠤᠷᠤᠯᠳᠤᠭᠠᠨ ᠪᠤᠯᠤᠨ᠎ᠠ | News.MN

ᠣᠯᠠᠨ ᠤᠯᠤᠰ ᠤᠨ ᠮᠣᠷᠢᠨ ᠴᠡᠷᠢᠭ ᠦᠨ ᠠᠩᠬᠠᠳᠤᠭᠠᠷ ᠤᠷᠤᠯᠳᠤᠭᠠᠨ ᠪᠤᠯᠤᠨ᠎ᠠ

ᠣᠷᠣᠰ ᠬᠣᠯᠪᠣᠭᠠᠨ ᠤ ᠤᠯᠤᠰ ᠤᠨ ︽ᠠᠷᠮᠢ-2019︾ ᠪᠤᠶᠤ ︽ᠣᠯᠠᠨ ᠤᠯᠤᠰ ᠤᠨ ᠴᠡᠷᠢᠭ ᠦᠨ ᠨᠠᠭᠠᠳᠤᠮ-2019︾ ᠶᠢᠨ ᠬᠦᠷᠢᠶᠡᠨ ᠳᠦ ᠠᠷᠪᠠᠨ ᠤᠯᠤᠰ ᠤᠨ ᠨᠤᠲᠤᠭ ᠳᠡᠪᠢᠰᠬᠡᠷ ᠲᠦ 32 ᠤᠷᠤᠯᠳᠤᠭᠠᠨ ᠵᠣᠬᠢᠶᠠᠭᠳᠠᠨ᠎ᠠ᠃ ᠣᠳᠣ ᠶᠢᠨ ᠪᠠᠶᠢᠳᠠᠯ ᠢᠶᠠᠷ 13 ᠤᠯᠤᠰ ᠤᠨ 104 ᠪᠠᠭ ᠲᠤᠰ ᠨᠠᠭᠠᠳᠤᠮ ᠳᠤ ᠥᠷᠢᠰᠦᠯᠳᠦᠬᠦ ᠪᠡᠷ ᠮᠡᠳᠡᠭᠦᠯᠭᠡ ᠪᠡᠨ ᠥᠭᠭᠦᠭᠡᠳ ᠪᠠᠶᠢᠭ᠎ᠠ  ᠠᠵᠠᠢ᠃ ᠵᠢᠯ ᠡᠴᠡ ᠵᠢᠯ ᠳᠦ ᠤᠷᠤᠯᠴᠠᠬᠤ ᠣᠷᠣᠨ ᠤ ᠲᠣᠭ᠎ᠠ᠂ ᠬᠠᠮᠤᠷᠬᠤ ᠴᠠᠷ᠎ᠠ ᠬᠦᠷᠢᠶ᠎ᠡ ᠨᠢ ᠨᠡᠮᠡᠭᠳᠡᠵᠦ ᠪᠠᠶᠢᠭ᠎ᠠ ᠲᠤᠰ ᠨᠠᠭᠠᠳᠤᠮ ᠤᠨ ᠵᠣᠬᠢᠶᠠᠨ ᠪᠠᠶᠢᠭᠤᠯᠤᠭᠴᠢ ᠣᠷᠣᠨ ᠤ ᠲᠣᠭ᠎ᠠ ᠶᠢ ᠡᠨᠡ ᠵᠢᠯ ᠡᠴᠡ ᠮᠣᠩᠭᠣᠯ ᠤᠯᠤᠰ ᠨᠢᠭᠡ ᠪᠡᠷ ᠨᠡᠮᠡᠭᠡᠳ ᠪᠠᠶᠢᠨ᠎ᠠ᠃
ᠥᠩᠭᠡᠷᠡᠭᠰᠡᠨ ᠣᠨ ᠤ ᠰᠡᠭᠦᠯᠴᠢ ᠪᠡᠷ ᠮᠣᠰᠺᠸᠠ ᠬᠤᠲᠠ ᠳᠤ ︽ᠣᠯᠠᠨ ᠤᠯᠤᠰ ᠤᠨ ᠴᠡᠷᠢᠭ ᠦᠨ ᠨᠠᠭᠠᠳᠤᠮ-2019 ︾ ᠶᠢᠨ ᠠᠩᠬᠠᠨ ᠱᠠᠲᠤᠨ ᠤ ᠲᠥᠯᠥᠪᠯᠡᠯᠲᠡ ᠶᠢᠨ ᠬᠤᠷᠠᠯ ᠪᠤᠯᠵᠤ ᠂ ᠢᠷᠡᠬᠦ ᠨᠠᠢᠮᠠᠳᠤᠭᠠᠷ ᠰᠠᠷ᠎ᠠ ᠳᠤ ᠮᠣᠩᠭᠣᠯ ᠤᠯᠤᠰ ᠲᠤ ︽ᠠᠷᠪᠠᠲᠤ︾ ᠣᠯᠠᠨ ᠤᠯᠤᠰ ᠤᠨ ᠮᠣᠷᠢᠨ ᠴᠡᠷᠢᠭ ᠦᠨ ᠠᠩᠬᠠᠳᠤᠭᠠᠷ ᠤᠷᠤᠯᠳᠤᠭᠠᠨ ᠢ ᠵᠣᠬᠢᠶᠠᠨ ᠪᠠᠶᠢᠭᠤᠯᠬᠤ ᠪᠠᠷ ᠬᠣᠶᠠᠷ ᠤᠯᠤᠰ ᠤᠨ ᠲᠠᠯ᠎ᠠ ᠲᠣᠬᠢᠷᠠᠭᠰᠠᠨ ᠪᠠᠶᠢᠨ᠎ᠠ᠃ ᠭᠤᠷᠪᠠᠳᠤᠭᠠᠷ ᠰᠠᠷ᠎ᠠ ᠶᠢᠨ 28-29  ᠳ᠋ᠥ ᠤᠯᠠᠭᠠᠨᠪᠠᠭᠠᠲᠤᠷ  ᠬᠤᠲᠠ ᠳᠤ ︽ᠠᠷᠪᠠᠲᠤ︾ ᠣᠯᠠᠨ ᠤᠯᠤᠰ ᠤᠨ ᠮᠣᠷᠢᠨ ᠴᠡᠷᠢᠭ ᠦᠨ ᠤᠷᠤᠯᠳᠤᠭᠠᠨ ᠤ ᠠᠩᠬᠠᠨ ᠱᠠᠲᠤᠨ ᠤ ᠣᠯᠠᠨ ᠤᠯᠤᠰ ᠤᠨ ᠲᠥᠯᠥᠪᠯᠡᠯᠲᠡ ᠶᠢᠨ ᠬᠤᠷᠠᠯ ᠪᠣᠯᠤᠭᠰᠠᠨ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ