︽ᠡᠭᠡᠰᠢᠭᠯᠡᠩᠲᠦ ᠭᠣᠪᠢ ︾ ᠢᠷᠠᠭᠤ ᠨᠠᠶᠢᠷᠠᠭ ᠤᠨ ᠡᠳᠦᠷᠯᠢᠭ ᠪᠣᠯᠤᠯ᠎ᠠ | News.MN

︽ᠡᠭᠡᠰᠢᠭᠯᠡᠩᠲᠦ ᠭᠣᠪᠢ ︾ ᠢᠷᠠᠭᠤ ᠨᠠᠶᠢᠷᠠᠭ ᠤᠨ ᠡᠳᠦᠷᠯᠢᠭ ᠪᠣᠯᠤᠯ᠎ᠠ

ᠮᠤᠩᠭᠤᠯ ᠤᠨ ᠵᠤᠬᠢᠶᠠᠯᠴᠢᠳ ᠤᠨ ᠡᠪᠯᠡᠯ ᠍ ᠦᠨ ᠡᠮᠦᠨᠡᠭᠣᠪᠢ ᠠᠶᠢᠮᠠᠭ ᠳᠠᠬᠢ ᠰᠠᠯᠪᠤᠷᠢ ᠠᠴᠠ  ︽ᠡᠭᠡᠰᠢᠭᠯᠡᠩᠲᠦ ᠭᠣᠪᠢ︾ ᠢᠷᠠᠭᠤ ᠨᠠᠶᠢᠷᠠᠭ ᠤᠨ ᠡᠳᠦᠷᠯᠢᠭ ᠢ ᠨᠣᠮᠣᠭᠠᠨ ᠰᠤᠮᠤᠨ ᠳᠤ ᠵᠣᠬᠢᠶᠠᠨ ᠪᠠᠶᠢᠭᠤᠯᠤᠯ᠎ᠠ᠃
ᠡᠳᠦᠷᠯᠢᠭ ᠲᠦ  ᠮᠤᠩᠭᠤᠯ ᠤᠨ ᠵᠤᠬᠢᠶᠠᠯᠴᠢᠳ ᠤᠨ ᠡᠪᠯᠡᠯ ᠍ ᠦᠨ ᠱᠠᠩᠨᠠᠯᠲᠤ ᠵᠣᠬᠢᠶᠠᠯᠴᠢ᠂ ᠡᠮᠦᠨᠡᠭᠣᠪᠢ ᠠᠶᠢᠮᠠᠭ ᠤᠨ ᠨᠡᠷ᠎ᠡ ᠶᠢᠨ ᠬᠠᠭᠤᠳᠠᠰᠤ ᠪᠣᠯᠤᠭᠰᠠᠨ ᠠᠬᠠᠮᠠᠳ ᠵᠣᠬᠢᠶᠠᠯᠴᠢ ᠡᠷᠡᠨᠵᠢᠳ ᠦᠨ ᠬᠠᠷᠠᠬᠦᠦ᠂ ᠮᠤᠩᠭᠤᠯ ᠤᠨ ᠵᠤᠬᠢᠶᠠᠯᠴᠢᠳ ᠤᠨ ᠡᠪᠯᠡᠯ᠍ ᠦᠨ ᠪᠣᠳᠣᠯᠭ᠎ᠠ ᠵᠣᠬᠢᠴᠠᠭᠤᠯᠤᠯᠲᠠ ᠶᠢᠨ ᠠᠯᠪᠠᠨ ᠤ ᠳᠠᠷᠤᠭ᠎ᠠ᠂ ᠵᠣᠬᠢᠶᠠᠯᠴᠢ ᠨᠠᠮᠪᠠᠷ ᠤᠨ ᠫᠦᠷᠪᠦ᠂ ᠮᠤᠩᠭᠤᠯ ᠤᠨ ᠵᠤᠬᠢᠶᠠᠯᠴᠢᠳ ᠤᠨ ᠡᠪᠯᠡᠯ ᠍ ᠦᠨ ᠤᠳᠤᠷᠢᠳᠬᠤ ᠵᠥᠪᠯᠡᠯ ᠦᠨ ᠭᠡᠰᠢᠭᠦᠨ᠂  ︽ᠪᠣᠯᠣᠷ ᠴᠣᠮᠣ ︾ ᠶᠢᠨ ᠡᠵᠡᠨ ᠢᠷᠠᠭᠤ ᠨᠠᠶᠢᠷᠠᠭᠴᠢ ᠨᠣᠷᠪᠤ ᠶᠢᠨ ᠭᠠᠩᠲᠤᠯᠭ᠎ᠠ᠂ ᠢᠷᠠᠭᠤ ᠨᠠᠶᠢᠷᠠᠭᠴᠢ ᠨᠠᠷᠠᠨᠬᠦᠦ ᠶᠢᠨ ᠠᠮᠤᠷᠲᠦ᠋ᠪᠰᠢᠨ ᠨᠠᠷ ᠤᠷᠢᠯᠭ᠎ᠠ ᠪᠠᠷ ᠤᠷᠤᠯᠴᠠᠪᠠ᠃ ᠮᠥᠨ ᠡᠮᠦᠨᠡᠭᠣᠪᠢ ᠠᠶᠢᠮᠠᠭ ᠤᠨ ᠰᠢᠯᠢᠳᠡᠭ ᠰᠢᠯᠦᠭᠴᠢ ᠰᠢᠯᠭᠠᠷᠠᠭᠤᠯᠬᠤ ︽ᠡᠭᠡᠰᠢᠭᠯᠡᠩᠲᠦ ᠭᠣᠪᠢ︾ ᠢᠷᠠᠭᠤ ᠨᠠᠶᠢᠷᠠᠭ ᠤᠨ ᠨᠠᠭᠠᠳᠤᠮ᠂ ᠮᠣᠩᠭᠣᠯ ᠤᠯᠤᠰ ᠤᠨ ᠲᠡᠷᠢᠭᠦᠨ ᠵᠡᠷᠭᠡ ᠶᠢᠨ ᠢᠷᠦᠭᠡᠯᠴᠢ ᠰ∙ᠮᠥᠩᠬᠡᠵᠢᠷᠭᠠᠯ ᠤᠨ ᠨᠡᠷᠡᠮᠵᠢᠲᠦ ︽ᠶᠡᠬᠡ ᠭᠣᠪᠢ ᠶᠢᠨ ᠳᠠᠭᠤᠯᠠᠯ︾ ᠤᠷᠠᠨ ᠤᠩᠰᠢᠯᠭ᠎ᠠ ᠶᠢᠨ ᠲᠡᠮᠡᠴᠡᠭᠡᠨ᠂ ᠴᠠᠭᠠᠨ ᠳᠡᠷᠡᠰᠦᠨ ᠤ ᠽᠠᠰᠲ᠋ᠠᠪ ᠲᠤ ᠬᠠᠯᠬ᠎ᠠ ᠭᠣᠣᠯ ᠤᠨ ᠢᠯᠠᠯᠲᠠ ᠶᠢᠨ ᠲᠡᠦᠬᠡᠲᠦ 80 ᠵᠢᠯ ᠦᠨ ᠣᠢ ᠳᠤ ᠵᠣᠷᠢᠭᠤᠯᠤᠭᠰᠠᠨ ︽ᠡᠮᠦᠨᠡᠲᠦ ᠬᠢᠵᠠᠭᠠᠷ ᠤᠨ ᠡᠭᠡᠰᠢᠭᠯᠡᠨ︾ ᠢᠷᠠᠭᠤ ᠨᠠᠶᠢᠷᠠᠭ ᠤᠨ ᠲᠡᠮᠡᠴᠡᠭᠡᠨ ᠪᠣᠯᠤᠭᠰᠠᠨ᠃ ᠤᠭ ᠨᠠᠭᠠᠳᠤᠮ ᠤᠳ ᠲᠤ ᠨᠡᠶᠢᠲᠡ 40 ᠭᠠᠷᠤᠢ ᠢᠷᠠᠭᠤ ᠨᠠᠶᠢᠷᠠᠭᠴᠢ ᠵᠣᠬᠢᠶᠠᠯᠴᠢ᠂ 30 ᠣᠷᠴᠢᠮ ᠬᠡᠦᠬᠡᠳ ᠵᠠᠯᠠᠭᠤᠰ ᠣᠷᠣᠯᠴᠠᠯ᠎ᠠ᠃ ᠠᠷᠭ᠎ᠠ ᠬᠡᠮᠵᠢᠶ᠎ᠡ ᠶᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠢᠪᠡᠭᠡᠨ ᠲᠡᠳᠬᠦᠳᠡᠭ ᠪᠥᠭᠡᠳ ᠡᠨᠡ ᠵᠢᠯ ᠦᠨ ᠬᠤᠪᠢ ᠳᠤ ᠨᠣᠮᠣᠭᠠᠨ ᠰᠤᠮᠤ ᠠᠴᠠ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠥᠯᠥᠭᠡᠯᠡᠭᠴᠢ ᠪᠡᠷ ᠰᠣᠩᠭᠣᠭᠳᠠᠨ ᠠᠵᠢᠯᠯᠠᠵᠤ ᠪᠠᠶᠢᠭ᠎ᠠ ᠰ∙ ᠰᠡᠷᠡᠩᠪᠠᠶᠠᠷ᠂ ᠲᠤᠰ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ︽ᠥᠨᠢᠳᠡ ᠥᠪᠯᠡᠬᠦ ᠤᠷᠠᠯᠠᠬᠤᠢ︾ ᠺᠤᠮᠫᠠᠨᠢ᠂ ᠬᠠᠭᠠᠨ ᠪᠠᠩᠬᠢᠨ ᠤ ᠡᠮᠦᠨᠡᠭᠣᠪᠢ ᠠᠶᠢᠮᠠᠭ ᠳᠠᠬᠢ ᠰᠠᠯᠪᠤᠷᠢ ᠵᠡᠷᠭᠡ ᠪᠠᠶᠢᠭᠤᠯᠤᠯᠭ᠎ᠠ ᠬᠠᠮᠲᠤᠷᠠᠨ ᠵᠣᠬᠢᠶᠠᠨ ᠪᠠᠶᠢᠭᠤᠯᠤᠭᠰᠠᠨ ᠪᠠᠶᠢᠨ᠎ᠠ᠃ ᠡᠳᠦᠷᠯᠢᠭ ᠦᠨ ᠦᠶ᠎ᠡ ᠪᠡᠷ ᠵᠣᠬᠢᠶᠠᠯᠴᠢᠳ ᠮᠣᠩᠭᠣᠯ ᠤᠨ ᠬᠠᠮᠤᠭ ᠤᠨ ᠡᠮᠦᠨ᠎ᠡ ᠴᠡᠭ ᠣᠷᠪᠣᠭ ᠭᠠᠰᠢᠭᠤᠨ ᠤ  ᠪᠤᠷᠤᠲᠤᠯᠤᠭᠠᠢ ᠳᠤ ᠭᠠᠷᠴᠤ ᠰᠢᠯᠦᠭ ᠤᠷᠠᠨ ᠪᠦᠲᠦᠭᠡᠯ ᠢᠶᠡᠨ ᠤᠩᠰᠢᠵᠤ᠂ ᠬᠢᠯᠢᠴᠢᠨ ᠵᠠᠯᠠᠭᠤᠰ ᠲᠠᠢ ᠶᠠᠷᠢᠶ᠎ᠠ ᠥᠷᠨᠢᠭᠦᠯᠦᠭᠰᠡᠨ ᠶᠤᠮ᠃

ᠰᠡᠳᠬᠢᠭᠳᠡᠯ ᠦᠯᠡᠳᠡᠭᠡᠬᠦ