ᠨᠡᠶᠢᠰᠯᠡᠯ ᠦᠨ ᠰᠲ᠋ᠠᠲ᠋ᠢᠰᠲ᠋ᠢᠺ ᠤᠨ ᠭᠠᠵᠠᠷ ᠤᠨ ᠮᠡᠳᠡᠭᠡᠯᠡᠯ ᠢᠶᠡᠷ ᠡᠨᠡ ᠰᠠᠷ᠎ᠠ ᠶᠢᠨ ᠳᠦᠷᠪᠡᠳᠡᠬᠢ ᠳᠣᠯᠣᠭ᠎ᠠ ᠬᠣᠨᠣᠭ ᠲᠤ ᠬᠣᠨᠢᠨ ᠤ ᠶᠠᠰᠤ ᠲᠠᠢ ᠮᠢᠬ᠎ᠠ ᠨᠢᠭᠡ ᠺᠢᠯᠦᠭᠷᠡᠮ ᠨᠢ ᠳᠤᠮᠳᠠᠴᠢ ᠪᠠᠷ 8368 ᠲᠥᠭᠥᠷᠢᠭ᠂ ᠦᠬᠡᠷ ᠦᠨ ᠶᠠᠰᠤ ᠲᠠᠢ ᠮᠢᠬ᠎ᠠ ᠨᠢᠭᠡ ᠺᠢᠯᠦᠭᠷᠡᠮ ᠨᠢ ᠳᠤᠮᠳᠠᠴᠢ ᠪᠠᠷ 9534 ᠲᠥᠭᠥᠷᠢᠭ ᠦᠨ ᠦᠨ᠎ᠡ ᠲᠡᠢ ᠪᠠᠶᠢᠨ᠎ᠠ᠃ ᠦᠬᠡᠷ ᠦᠨ ᠶᠠᠰᠤ ᠲᠠᠢ ᠮᠢᠬᠠᠨ ᠤ ᠦᠨ᠎ᠡ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ 141 ᠲᠥᠭᠥᠷᠢᠭ ᠢᠶᠡᠷ (1.5%)᠂ ᠦᠬᠡᠷ ᠦᠨ ᠴᠤᠯᠤ ᠮᠢᠬᠠᠨ ᠤ ᠦᠨ᠎ᠡ 232 ᠲᠥᠭᠥᠷᠢᠭ ᠢᠶᠡᠷ (2.0%) ᠲᠤᠰ ᠲᠤᠰ ᠥᠰᠴᠠᠢ᠃
ᠡᠨᠡ ᠳᠣᠯᠣᠭ᠎ᠠ ᠬᠣᠨᠣᠭ ᠤᠨ ᠠᠵᠢᠭᠯᠠᠯᠲᠠ ᠪᠠᠷ ᠦᠬᠡᠷ ᠦᠨ ᠮᠢᠬ᠎ᠠ ︽ᠬᠠᠷᠠᠬᠣᠷᠢᠨ︾ ᠬᠦᠨᠡᠰᠦᠨ ᠦ ᠵᠠᠬ᠎ᠠ ᠳᠤ ᠬᠠᠮᠤᠭ ᠤᠨ ᠬᠢᠮᠳᠠ ᠪᠤᠶᠤ 8500 ᠲᠥᠭᠥᠷᠢᠭ᠂ ᠬᠠᠷᠢᠨ ︽ᠮᠢᠷᠺᠦᠷᠢᠢ︾ ᠬᠦᠨᠡᠰᠦᠨ ᠦ ᠵᠠᠬ᠎ᠠ ᠳᠤ ᠬᠠᠮᠤᠭ ᠤᠨ ᠥᠨᠳᠥᠷ ᠦᠨ᠎ᠡ ᠲᠡᠢ ᠪᠤᠶᠤ 10 000 ᠲᠥᠭᠥᠷᠢᠭ ᠪᠠᠶᠢᠨ᠎ᠠ᠃ ᠡᠮᠦᠨᠡᠬᠢ ᠳᠣᠯᠣᠭ᠎ᠠ ᠬᠣᠨᠣᠭ ᠲᠠᠢ ᠬᠠᠷᠢᠴᠠᠭᠤᠯᠬᠤ ᠳᠤ ᠬᠣᠨᠢᠨ ᠤ ᠶᠠᠰᠤ ᠲᠠᠢ ᠮᠢᠬᠠᠨ ᠤ ᠦᠨ᠎ᠡ 419 ᠲᠥᠭᠥᠷᠢᠭ ᠢᠶᠡᠷ (5.3%)᠂ ᠬᠣᠨᠢᠨ ᠤ ᠴᠤᠯᠤ ᠮᠢᠬᠠᠨ ᠤ ᠦᠨ᠎ᠡ 602 ᠲᠥᠭᠥᠷᠢᠭ ᠢᠶᠡᠷ (7.5%) ᠥᠰᠦᠭᠰᠡᠨ ᠪᠠᠶᠢᠯ᠎ᠠ᠃ ᠡᠨᠡ ᠳᠣᠯᠣᠭ᠎ᠠ ᠬᠣᠨᠣᠭ ᠤᠨ ᠠᠵᠢᠭᠯᠠᠯᠲᠠ ᠪᠠᠷ ᠬᠣᠨᠢᠨ ᠤ ᠮᠢᠬ᠎ᠠ ︽ᠪᠠᠶᠠᠨᠵᠢᠷᠦᠬᠡ︾᠂ ︽ᠬᠠᠷᠠᠬᠣᠷᠢᠨ︾ ᠬᠦᠨᠡᠰᠦᠨ ᠦ ᠵᠠᠬ᠎ᠠ ᠨᠤᠭᠤᠳ ᠲᠤ ᠬᠠᠮᠤᠭ ᠤᠨ ᠬᠢᠮᠳᠠ ᠪᠤᠶᠤ 7800 ᠲᠥᠭᠥᠷᠢᠭ ᠢᠶᠡᠷ ᠂ ᠬᠠᠷᠢᠨ ︽ᠮᠢᠷᠺᠦᠷᠢᠢ︾ ᠬᠦᠨᠡᠰᠦᠨ ᠦ ᠵᠠᠬ᠎ᠠ ᠳᠤ ᠬᠠᠮᠤᠭ ᠤᠨ ᠥᠨᠳᠥᠷ ᠦᠨ᠎ᠡ ᠲᠡᠢ ᠪᠤᠶᠤ 9500 ᠲᠥᠭᠥᠷᠢᠭ ᠢᠶᠡᠷ ᠬᠤᠳᠠᠯᠳᠤᠭᠠᠯᠠᠵᠤ ᠪᠠᠶᠢᠨ᠎ᠠ᠃