ᠬᠦᠮᠦᠨ ᠦ ᠡᠷᠬᠡ ᠶᠢᠨ ᠬᠠᠮᠠᠭᠠᠯᠠᠭᠴᠢᠳ ᠤᠨ ᠢᠯᠡᠳᠬᠡᠭᠴᠢ ᠠᠶᠢᠯᠴᠢᠯᠠᠨ᠎ᠠ | News.MN

ᠬᠦᠮᠦᠨ ᠦ ᠡᠷᠬᠡ ᠶᠢᠨ ᠬᠠᠮᠠᠭᠠᠯᠠᠭᠴᠢᠳ ᠤᠨ ᠢᠯᠡᠳᠬᠡᠭᠴᠢ ᠠᠶᠢᠯᠴᠢᠯᠠᠨ᠎ᠠ

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠬᠦᠮᠦᠨ ᠦ ᠡᠷᠬᠡ ᠶᠢᠨ ᠬᠠᠮᠠᠭᠠᠯᠠᠭᠴᠢᠳ ᠤᠨ ᠨᠥᠬᠥᠴᠡᠯ ᠪᠠᠶᠢᠳᠠᠯ ᠤᠨ ᠲᠤᠰᠬᠠᠢ ᠢᠯᠡᠳᠬᠡᠭᠴᠢ ᠨᠣᠶᠠᠨ  ᠹᠤᠷᠰᠲ 2019 ᠣᠨ ᠤ ᠳᠥᠷᠪᠡᠳᠦᠭᠡᠷ ᠰᠠᠷ᠎ᠠ ᠶᠢᠨ 30 – 5 ᠍ ᠳᠦᠭᠡᠷ ᠰᠠᠷ᠎ᠠ ᠶᠢᠨ 13 ᠍ ᠦ ᠡᠳᠦᠷ ᠦᠳ ᠲᠦ ᠮᠣᠩᠭᠣᠯ ᠤᠯᠤᠰ ᠲᠤ ᠠᠯᠪᠠᠨ ᠠᠶᠢᠯᠴᠢᠯᠠᠯ ᠬᠢᠨ᠎ᠡ᠃ ᠠᠶᠢᠯᠴᠢᠯᠠᠯ ᠤᠨ ᠦᠶ᠎ᠡ ᠪᠡᠷ ᠲᠤᠰᠬᠠᠢ ᠢᠯᠡᠳᠬᠡᠭᠴᠢ ᠵᠠᠰᠠᠭ ᠤᠨ ᠭᠠᠵᠠᠷ ᠤᠨ ᠲᠥᠯᠥᠭᠡᠯᠡᠯ᠂ ᠣᠷᠣᠨ ᠨᠤᠲᠤᠭ ᠤᠨ ᠵᠠᠰᠠᠭ ᠵᠠᠬᠢᠷᠭ᠎ᠠ᠂ ᠬᠦᠮᠦᠨ ᠦ ᠡᠷᠬᠡ ᠶᠢ ᠬᠠᠮᠠᠭᠠᠯᠠᠭᠴᠢᠳ᠂ ᠢᠷᠭᠡᠨ ᠦ ᠨᠡᠶᠢᠭᠡᠮ ᠤᠨ ᠲᠥᠯᠥᠭᠡᠯᠡᠯ  ᠲᠠᠢ ᠠᠭᠤᠯᠵᠠᠵᠤ ᠮᠣᠩᠭᠣᠯ  ᠳ᠋ᠡᠬᠢ ᠬᠦᠮᠦᠨ ᠦ ᠡᠷᠬᠡ ᠶᠢᠨ ᠬᠠᠮᠠᠭᠠᠯᠠᠭᠴᠢᠳ ᠤᠨ ᠰᠠᠶᠢᠨ ᠲᠤᠷᠰᠢᠯᠭ᠎ᠠ᠂ ᠮᠥᠨ ᠲᠡᠳᠡᠨ ᠳᠦ ᠲᠤᠯᠭᠠᠷᠠᠳᠠᠭ ᠰᠣᠷᠢᠯᠲᠠ᠂ ᠪᠡᠷᠬᠡᠰᠢᠶᠡᠯ ᠦᠳ ᠦᠨ ᠲᠤᠬᠠᠢ ᠶᠠᠷᠢᠯᠴᠠᠬᠤ ᠶᠤᠮ ᠃
ᠲᠤᠰᠬᠠᠢ ᠢᠯᠡᠳᠬᠡᠭᠴᠢ ᠨᠢ ᠮᠣᠩᠭᠣᠯ ᠤᠯᠤᠰ ᠲᠤ ᠬᠢᠭᠰᠡᠨ ᠠᠶᠢᠯᠴᠢᠯᠠᠯ ᠤᠨ ᠲᠠᠶᠢᠯᠤᠨ ᠢᠶᠠᠨ 2020 ᠣᠨ ᠤ ᠭᠤᠷᠪᠠᠳᠤᠭᠠᠷ ᠰᠠᠷ᠎ᠠ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠬᠦᠮᠦᠨ ᠦ ᠡᠷᠬᠡ ᠶᠢᠨ ᠵᠦᠪᠯᠡᠯ  ᠳᠦ ᠨᠡᠭᠡᠭᠡᠯᠲᠡ ᠲᠡᠢ ᠪᠡᠷ ᠲᠠᠨᠢᠯᠴᠠᠭᠤᠯᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ