ᠢᠷᠡᠬᠦ ᠰᠠᠷ᠎ᠠ ᠳᠤ ᠳᠥᠷᠪᠡᠨ ᠲᠣᠮᠣ ᠪᠠᠷᠢᠯᠳᠤᠭᠠᠨ ᠪᠣᠯᠤᠨ᠎ᠠ | News.MN

ᠢᠷᠡᠬᠦ ᠰᠠᠷ᠎ᠠ ᠳᠤ ᠳᠥᠷᠪᠡᠨ ᠲᠣᠮᠣ ᠪᠠᠷᠢᠯᠳᠤᠭᠠᠨ ᠪᠣᠯᠤᠨ᠎ᠠ

ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠢᠷᠡᠬᠦ ᠰᠠᠷ᠎ᠠ ᠳᠤ ᠵᠣᠬᠢᠶᠠᠨ ᠪᠠᠶᠢᠭᠤᠯᠬᠤ ᠪᠠᠷᠢᠯᠳᠤᠭᠠᠨ ᠤ ᠬᠤᠪᠢᠶᠠᠷᠢ ᠶᠢ ᠵᠠᠷᠯᠠᠪᠠ᠃ ᠣᠳᠣ ᠪᠠᠷ ᠤᠯᠤᠰ᠂ ᠠᠶᠢᠮᠠᠭ ᠤᠨ ᠴᠣᠯᠠ ᠲᠠᠢ ᠪᠥᠬᠡᠴᠦᠳ ᠣᠷᠣᠯᠴᠠᠭᠰᠠᠨ ᠬᠣᠶᠠᠷ᠂ ᠠᠶᠢᠮᠠᠭ᠂ ᠴᠡᠷᠢᠭ ᠦᠨ ᠴᠣᠯᠠ ᠲᠠᠢ ᠪᠥᠬᠡᠴᠦᠳ ᠦᠨ ᠬᠣᠶᠠᠷ ᠪᠠᠷᠢᠯᠳᠤᠭᠠᠨ ‍ᠣ ᠲᠤᠪ ᠭᠠᠷᠴᠠᠢ ᠃
ᠳᠥᠷᠪᠡᠳᠦᠭᠡᠷ ᠰᠠᠷ᠎ᠠ ᠶᠢᠨ ᠳᠣᠯᠣᠭᠠᠨ ᠤ ᠨᠢᠮ᠎ᠠ ᠭᠠᠷᠠᠭ ᠤᠨ 14᠄00 ᠴᠠᠭ ᠲᠤ  ︽ᠠᠷᠠᠳᠴᠢᠯᠠᠭᠰᠠᠨ ᠨᠠᠮ ᠤᠨ ᠣᠢ︾ ᠳᠦ ᠵᠣᠷᠢᠭᠤᠯᠤᠭᠰᠠᠨ ᠤᠯᠤᠰ᠂ ᠠᠶᠢᠮᠠᠭ ᠤᠨ ᠠᠯᠳᠠᠷ ᠴᠣᠯᠠ ᠲᠠᠢ 256 ᠪᠥᠬᠡ ᠶᠢᠨ ᠪᠠᠷᠢᠯᠳᠤᠭᠠᠨ ᠮᠣᠩᠭᠣᠯ ᠪᠥᠬᠡ ᠶᠢᠨ ᠥᠷᠭᠦᠭᠡᠨ ᠳᠤ ᠪᠣᠯᠤᠨ᠎ᠠ᠃ ᠳᠥᠷᠪᠡᠳᠦᠭᠡᠷ ᠰᠠᠷ᠎ᠠ ᠶᠢᠨ 14 ᠍ ᠤ ᠨᠢᠮ᠎ᠠ ᠭᠠᠷᠠᠭ ᠲᠤ  ︽ᠰᠣᠩᠭᠢᠨ᠎ᠠ ᠬᠠᠶᠢᠷᠬᠠᠨ ᠠᠭᠤᠯᠠ ᠶᠢᠨ ᠬᠡᠰᠢᠭ ᠪᠠᠷᠢᠯᠳᠤᠭᠠᠨ︾ ᠪᠣᠯᠤᠨ᠎ᠠ᠃ ᠲᠤᠰ ᠪᠠᠷᠢᠯᠳᠤᠭᠠᠨ ᠳᠤ ᠤᠯᠤᠰ᠂ ᠠᠶᠢᠮᠠᠭ ᠤᠨ ᠠᠯᠳᠠᠷ ᠴᠣᠯᠠ ᠲᠠᠢ 128 ᠪᠥᠬᠡ ᠬᠦᠴᠦ ᠰᠣᠷᠢᠨ᠎ᠠ᠃ ᠬᠣᠶᠠᠷ ᠵᠢᠯ ᠣᠷᠴᠢᠮ ᠵᠠᠪᠰᠠᠷᠯᠠᠭᠰᠠᠨ  ︽ᠳᠥᠷᠪᠡᠨ ᠠᠭᠤᠯᠠ ᠶᠢᠨ ᠬᠡᠰᠢᠭ ᠪᠠᠷᠢᠯᠳᠤᠭᠠᠨ ︾ ᠡᠶᠢᠨ ᠬᠦ ᠦᠷᠭᠦᠯᠵᠢᠯᠡᠬᠦ ᠨᠢ ᠡ᠃ᠳᠥᠷᠪᠡᠳᠦᠭᠡᠷ ᠰᠠᠷ᠎ᠠ ᠶᠢᠨ 21 ᠍ ᠳᠦ ᠥᠪᠦᠷᠬᠠᠩᠭᠠᠢ ᠠᠶᠢᠮᠠᠭ ᠤᠨ ᠪᠠᠲᠤ-ᠥᠯᠵᠡᠢ ᠰᠤᠮᠤ ᠶᠢᠨ  ᠤᠤᠭᠠᠯ᠂ ᠭᠠᠪᠢᠶᠠᠲᠤ ᠳᠠᠰᠬᠠᠯᠵᠢᠭᠤᠯᠤᠭᠴᠢ ᠸᠴᠢᠷ ᠤᠨ ᠰᠡᠷᠡᠩᠳᠠᠭᠪᠠ ᠶᠢᠨ ᠨᠡᠷᠡᠮᠵᠢᠲᠦ ᠠᠶᠢᠮᠠᠭ ᠴᠡᠷᠢᠭ ᠦᠨ ᠴᠣᠯᠠ ᠲᠠᠢ ᠪᠣᠯᠤᠨ ᠵᠠᠯᠠᠭᠤ 256 ᠪᠥᠬᠡ ᠶᠢᠨ ᠪᠠᠷᠢᠯᠳᠤᠭᠠᠨ ᠪᠣᠯᠤᠨ᠎ᠠ᠃ ᠳᠥᠷᠪᠡᠳᠦᠭᠡᠷ ᠰᠠᠷ᠎ᠠ ᠶᠢᠨ 28  ᠳᠤ ᠤᠪᠰᠤ ᠠᠶᠢᠮᠠᠭ ᠤᠨ ᠬᠢᠷᠭᠠᠰ ᠰᠤᠮᠤ ᠶᠢᠨ ᠬᠠᠷᠢᠶᠠᠲᠤ᠂ ᠤᠯᠤᠰ ᠤᠨ ᠨᠠᠴᠢᠨ ᠴᠣᠭᠲᠤ- ᠸᠴᠢᠷ  ᠤᠨ ᠪᠠᠶᠠᠨᠮᠦ᠋ᠩᠬᠡ ᠶᠢᠨ ᠨᠡᠷᠡᠮᠵᠢᠲᠦ ᠠᠶᠢᠮᠠᠭ ᠴᠡᠷᠢᠭ ᠦᠨ ᠴᠣᠯᠠ ᠲᠠᠢ ᠪᠣᠯᠤᠨ ᠵᠠᠯᠠᠭᠤ 256 ᠪᠥᠬᠡ ᠶᠢᠨ ᠪᠠᠷᠢᠯᠳᠤᠭᠠᠨ ᠪᠣᠯᠤᠨ᠎ᠠ᠃

ᠰᠡᠳᠬᠢᠭᠳᠡᠯ ᠦᠯᠡᠳᠡᠭᠡᠬᠦ