ᠤᠯᠤᠰ ᠤᠨ ᠶᠡᠬᠡ ᠬᠤᠷᠠᠯ ᠤᠨ ᠡᠭᠡᠯᠵᠢᠲᠦ ᠪᠤᠰᠤ ᠴᠢᠭᠤᠯᠭᠠᠨ ᠢᠶᠠᠷ ︽ᠠᠰᠢᠭᠲᠤ ᠮᠠᠯᠲᠠᠮᠠᠯ ᠤᠨ ᠲᠤᠬᠠᠢ︾ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢᠨ ᠡᠴᠦᠰ ᠦᠨ ᠬᠡᠯᠡᠯᠴᠡᠭᠦᠯᠭᠡ ᠶᠢ ᠬᠢᠯ᠎ᠡ᠃
ᠡᠴᠦᠰ ᠦᠨ ᠬᠡᠯᠡᠯᠴᠡᠭᠦᠯᠭᠡ ᠶᠢᠨ ᠦᠶ᠎ᠡ ᠪᠡᠷ ᠭᠡᠰᠢᠭᠦᠳ ᠠᠰᠠᠭᠤᠯᠲᠠ ᠠᠰᠠᠭᠤᠵᠤ᠂ ᠬᠠᠷᠢᠭᠤᠯᠲᠠ ᠠᠪᠤᠯ᠎ᠠ᠃ ᠡᠨᠡ ᠦᠶ᠎ᠡ ᠪᠡᠷ ᠤᠯᠤᠰ ᠤᠨ ᠶᠡᠬᠡ ᠬᠤᠷᠠᠯ ᠤᠨ ᠭᠡᠰᠢᠭᠦᠨ ᠮ∙ᠪᠢᠯᠢᠭᠲᠦ᠄ ᠸᠠᠯᠢᠶᠤᠲ ᠤᠨ ᠨᠥᠭᠡᠴᠡ ᠪᠦᠷᠢᠳᠦᠭᠦᠯᠬᠦ ᠪᠣᠳᠣᠯᠭ᠎ᠠ ᠪᠠᠨ ᠦᠨᠳᠦᠰᠦᠨ ᠦ ᠣᠨᠴᠠᠯᠢᠭ ᠲᠤ ᠪᠠᠨ ᠵᠣᠬᠢᠴᠠᠭᠤᠯᠵᠤ ᠪᠣᠯᠪᠠᠰᠤᠷᠠᠭᠤᠯᠬᠤ ᠬᠡᠷᠡᠭᠲᠡᠢ ᠭᠡᠳᠡᠭ ᠢ ᠵᠠᠰᠠᠭ ᠤᠨ ᠭᠠᠵᠠᠷ᠂ ᠰᠠᠩ ᠤᠨ ᠶᠠᠮᠤᠨ ᠬᠣᠯᠪᠣᠭᠳᠠᠬᠤ ᠬᠦᠮᠦᠰ ᠲᠦ ᠵᠣᠷᠢᠭᠤᠳᠠ ᠬᠡᠯᠡᠮᠡᠷ ᠪᠠᠶᠢᠨ᠎ᠠ᠃ ᠥᠩᠭᠡᠷᠡᠭᠰᠡᠨ ᠵᠢᠯ ᠨᠤᠯᠤᠤᠷ ᠤᠨ ᠡᠺᠰᠫᠣᠷᠲ ᠠᠴᠠ 300 ᠰᠠᠶ᠎ᠠ᠂ ᠮᠢᠬᠠᠨ ᠤ ᠡᠺᠰᠫᠣᠷᠲ ᠠᠴᠠ 400 ᠣᠷᠴᠢᠮ ᠰᠠᠶ᠎ᠠ ᠳ᠋ᠣᠯᠯᠠᠷ ᠣᠷᠣᠵᠤ ᠢᠷᠡᠭᠰᠡᠨ᠃ ᠭᠡᠲᠡᠯ᠎ᠡ ᠮᠢᠬᠠᠨ ᠤ ᠦᠢᠯᠡᠳᠪᠦᠷᠢ ᠨᠦᠭᠦᠳ ᠬᠦᠴᠦᠨ ᠴᠢᠳᠠᠯ ᠤᠨ ᠢᠶᠠᠨ 10 ᠬᠤᠪᠢ ᠶᠢ ᠯᠠ ᠠᠰᠢᠭᠯᠠᠵᠤ ᠪᠠᠶᠢᠭ᠎ᠠ᠃ ᠵᠠᠬ᠎ᠠ ᠵᠡᠭᠡᠯᠢ ᠶᠢᠨ ᠨᠡᠶᠢᠭᠡᠮ ᠳᠦ ᠰᠢᠯᠵᠢᠬᠦ ᠡᠴᠡ ᠡᠮᠦᠨ᠎ᠡ ᠬᠡᠳᠦᠨ ᠵᠠᠭᠤᠨ ᠮᠢᠩᠭᠠᠨ ᠬᠦᠮᠦᠨ ᠠᠵᠢᠯ ᠣᠷᠣᠯᠭ᠎ᠠ ᠲᠠᠢ ᠪᠠᠶᠢᠭᠰᠠᠨ᠃ ᠲᠡᠶᠢᠮᠦ ᠡᠴᠡ ᠡᠨᠡ ᠰᠠᠯᠪᠤᠷᠢ ᠪᠠᠨ ᠠᠰᠢᠭᠯᠠᠪᠠᠯ ᠪᠡᠯᠴᠢᠭᠡᠷ ᠦᠨ ᠳᠠᠭᠠᠭᠠᠴᠠ ᠬᠡᠲᠦᠷᠡᠯᠲᠡ ᠂ ᠠᠵᠢᠯ ᠦᠭᠡᠶᠢᠳᠡᠯ᠂ ᠶᠠᠳᠠᠭᠤᠷᠠᠯ ᠵᠥᠪ ᠭᠤᠯᠳᠤᠷᠢᠯ ᠳᠤ ᠪᠠᠨ ᠣᠷᠣᠨ᠎ᠠ ᠬᠡᠮᠡᠨ ᠦᠭᠡ ᠬᠡᠯᠡᠯ᠎ᠡ᠃
ᠤᠯᠤᠰ ᠤᠨ ᠶᠡᠬᠡ ᠬᠤᠷᠠᠯ ᠤᠨ ᠭᠡᠰᠢᠭᠦᠨ ᠣ᠊∙ᠪᠠᠰᠠᠩᠬᠦᠦ᠂ ᠠᠯᠲᠠᠨ ᠤ ᠲᠠᠲᠠᠪᠤᠷᠢ ᠶᠢ ᠨᠡᠮᠡᠭᠰᠡᠨ ᠢᠶᠡᠷ ᠣᠷᠣᠵᠤ ᠢᠷᠡᠬᠦ ᠲᠠᠲᠠᠪᠤᠷᠢ ᠨᠡᠮᠡᠭᠳᠡᠬᠦ ᠡᠰᠡᠬᠦ᠂ ᠬᠢᠯᠢ ᠪᠡᠷ ᠬᠠᠤᠯᠢ ᠪᠤᠰᠤ ᠪᠠᠷ ᠭᠠᠷᠭᠠᠬᠤ ᠪᠠᠷ ᠵᠠᠪᠳᠤᠭᠰᠠᠨ ᠠᠯᠲᠠᠨ ᠤ ᠬᠡᠮᠵᠢᠶ᠎ᠡ ᠶᠢ ᠠᠵᠢᠯ ᠤᠨ ᠬᠡᠰᠡᠭ ᠡᠴᠡ ᠠᠰᠠᠭᠤᠭᠰᠠᠨ᠃ ᠡᠭᠦᠨ ᠳᠦ ᠡᠳ᠋ ᠦᠨ ᠵᠠᠰᠠᠭ ᠤᠨ ᠪᠠᠶᠢᠩᠭᠤ ᠶᠢᠨ ᠬᠣᠷᠢᠶᠠᠨ ᠤ ᠳᠠᠷᠤᠭ᠎ᠠ ᠳ∙ᠳᠠᠮᠪᠠᠸᠠᠴᠢᠷ᠄ ᠠᠯᠲᠠᠨ ᠤ ᠷᠤᠶᠠᠯᠲ ᠲᠠᠲᠠᠪᠤᠷᠢ 2.5 ᠪᠠᠶᠢᠭᠰᠠᠨ ᠢ 5.0% ᠪᠤᠯᠭᠠᠪᠠᠯ ᠲᠥᠰᠥᠪ ᠲᠦ ᠣᠷᠣᠵᠤ ᠢᠷᠡᠬᠦ ᠮᠥᠩᠭᠥ ᠨᠡᠮᠡᠭᠳᠡᠨ᠎ᠡ᠃ ᠥᠩᠭᠡᠷᠡᠭᠰᠡᠨ ᠵᠢᠯ 84 ᠲᠡᠷᠪᠤᠮ ᠲᠥᠭᠥᠷᠢᠭ ᠲᠥᠪᠯᠡᠷᠡᠭᠰᠡᠨ᠃
2018 ᠣᠨ ᠳᠤ 204 ᠺᠢᠯᠦᠭᠷᠡᠮ ᠠᠯᠲᠠ ᠬᠢᠯᠢ ᠪᠡᠷ ᠬᠠᠤᠯᠢ ᠪᠤᠰᠤ ᠪᠠᠷ ᠭᠠᠷᠭᠠᠬᠤ ᠶᠢ ᠵᠠᠪᠳᠤᠭᠰᠠᠨ ᠢ ᠢᠯᠡᠷᠡᠭᠦᠯᠦᠭᠰᠡᠨ᠃ ᠨᠡᠶᠢᠲᠡ ᠲᠤᠰᠢᠶᠠᠭᠰᠠᠨ ᠠᠯᠲᠠᠨ ᠤ 60 ᠣᠷᠴᠢᠮ ᠬᠤᠪᠢ ᠶᠢ ᠪᠢᠴᠢᠯ ᠠᠭᠤᠷᠬᠠᠶᠢᠴᠢᠳ ᠪᠤᠶᠤ ᠬᠤᠪᠢ ᠬᠦᠮᠦᠰ ᠲᠤᠰᠢᠶᠠᠵᠤ ᠪᠠᠶᠢᠭ᠎ᠠ ᠭᠡᠰᠡᠨ ᠪᠣᠯ ᠤᠯᠤᠰ ᠤᠨ ᠶᠡᠬᠡ ᠬᠤᠷᠠᠯ ᠦᠨ ᠭᠡᠰᠢᠭᠦᠨ ᠵ∙ᠪᠠᠲᠤ-ᠡᠷᠳᠡᠨᠢ ᠄ 2018 ᠣᠨ ᠳᠤ ᠲᠸᠭᠨᠢᠭ ᠡᠳ᠋ ᠦᠨ ᠵᠠᠰᠠᠭ ᠤᠨ᠍ ᠦᠵᠡᠭᠦᠯᠦᠯᠲᠡ ᠪᠡᠷ 13 ᠲᠣᠨ ᠠᠯᠲᠠ ᠲᠤᠰᠢᠶᠠᠬᠤ ᠪᠠᠶᠢᠭᠰᠠᠨ ᠪᠣᠯ ᠲᠤᠰᠢᠶᠠᠭᠰᠠᠨ ᠠᠯᠲᠠ 22 ᠲᠣᠨ ᠪᠠᠶᠢᠭᠰᠠᠨ᠃ ᠵᠦᠷᠢᠶ᠎ᠡ ᠪᠣᠯᠬᠤ 9 ᠲᠣᠨ ᠠᠯᠲᠠ ᠪᠢᠴᠢᠯ ᠠᠭᠤᠷᠬᠠᠶᠢᠴᠢᠳ ᠠᠴᠠ ᠣᠷᠣᠵᠤ ᠢᠷᠡᠭᠰᠡᠨ᠃ ᠡᠨᠡ ᠵᠢᠯ 11 ᠲᠣᠨ ᠠᠯᠲᠠ ᠲᠤᠰᠢᠶᠠᠨ᠎ᠠ ᠭᠡᠵᠦ ᠲᠸᠭᠨᠢᠭ ᠡᠳ᠋ ᠦᠨ ᠵᠠᠰᠠᠭ ᠤᠨ᠍ ᠦᠵᠡᠭᠦᠯᠦᠯᠲᠡ ᠍ ᠪᠡᠷ ᠲᠥᠰᠦᠭᠡᠯᠡᠭᠰᠡᠨ ᠭᠡᠯᠡ᠃ ᠬᠠᠷᠢᠨ ᠤᠯᠤᠰ ᠤᠨ ᠶᠡᠬᠡ ᠬᠤᠷᠠᠯ ᠦᠨ ᠭᠡᠰᠢᠭᠦᠨ ᠪ∙ᠫᠦᠷᠪᠦᠳᠣᠷᠵᠢ᠄ ᠬᠤᠪᠢ ᠬᠦᠮᠦᠰ ᠪᠣᠯ ᠨᠡᠮᠡᠭᠳᠡᠭᠰᠡᠨ ᠥᠷᠲᠡᠭ ᠦᠨ ᠠᠯᠪᠠᠨ ᠲᠠᠲᠠᠪᠤᠷᠢ ᠲᠥᠯᠥᠭᠴᠢ ᠪᠢᠰᠢ ᠲᠤᠯᠠ ᠲᠠᠲᠠᠪᠤᠷᠢ ᠲᠥᠯᠥᠬᠦ ᠦᠭᠡᠢ᠃ ᠠᠵᠤ ᠠᠬᠤᠢ ᠶᠢᠨ ᠨᠢᠭᠡᠴᠡ ᠨᠦᠭᠦᠳ ᠣᠷᠣᠯᠭ᠎ᠠ ᠨᠢ 3 ᠲᠡᠷᠪᠤᠮ ᠲᠥᠭᠥᠷᠢᠭ ᠦᠨ ᠪᠤᠱᠤᠭ᠎ᠠ ᠠᠴᠠ ᠳᠡᠭᠡᠭᠰᠢ ᠭᠠᠷᠴᠢᠬᠠᠪᠠᠯ 25% ᠍ ᠶᠢᠨ ᠲᠠᠲᠠᠪᠤᠷᠢ ᠲᠥᠯᠦᠳᠡᠭ ᠲᠤᠯᠠ ᠺᠣᠮᠫᠠᠨᠢ ᠨᠤᠭᠤᠳ ᠬᠤᠪᠢ ᠬᠦᠮᠦᠰ ᠢᠶᠡᠷ ᠳᠠᠮᠵᠢᠭᠤᠯᠵᠤ ᠠᠯᠲᠠ ᠪᠠᠨ ᠲᠤᠰᠢᠶᠠᠯᠭᠠᠳᠠᠭ᠃ ᠮᠤᠩᠭᠤᠯ ᠠᠷᠠᠳ ᠤᠨ ᠨᠠᠮ ᠬᠠᠤᠯᠢ ᠪᠠᠲᠤᠯᠠᠭᠰᠠᠨ ᠨᠡᠷ᠎ᠡ ᠪᠡᠷ ᠢᠷᠭᠡᠳ ᠢ ᠬᠠᠭᠤᠷᠤᠯᠠ ᠭᠡᠰᠡᠨ ᠶᠤᠮ᠃ ᠡᠶᠢᠨ ᠬᠦ ᠭᠡᠰᠢᠭᠦᠳ ᠠᠰᠠᠭᠤᠯᠲᠠ ᠠᠰᠠᠭᠤᠵᠤ᠂ ᠬᠠᠷᠢᠭᠤᠯᠤᠭᠰᠠᠨ ᠤ ᠳᠠᠷᠠᠭ᠎ᠠ ᠰᠠᠨᠠᠯ ᠬᠤᠷᠢᠶᠠᠬᠤ ᠳᠤ ᠭᠡᠰᠢᠭᠦᠳ ᠦᠨ 81.8 ᠬᠤᠪᠢ ᠶᠢᠨ ᠰᠠᠨᠠᠯ ᠢᠶᠠᠷ ︽ᠠᠰᠢᠭᠲᠤ ᠮᠠᠯᠲᠠᠮᠠᠯ ᠤᠨ ᠲᠤᠬᠠᠢ︾ ᠬᠠᠤᠯᠢ ᠳᠤ ᠨᠡᠮᠡᠯᠲᠡ᠂ ᠥᠭᠡᠷᠡᠴᠢᠯᠡᠯᠲᠡ ᠤᠷᠤᠭᠤᠯᠬᠤ ᠲᠤᠬᠠᠢ ᠬᠠᠤᠯᠢ ᠶᠢ ᠪᠠᠲᠤᠯᠠᠵᠤ᠂ ᠠᠯᠲᠠᠨ ᠤ ᠷᠣᠢᠯᠲᠤ ᠲᠠᠲᠠᠪᠤᠷᠢ ᠶᠢ 5.0% ᠪᠣᠯᠭᠠᠯ᠎ᠠ᠃