ᠤᠯᠤᠰ ᠤᠨ ᠶᠡᠬᠡ ᠬᠤᠷᠠᠯ ᠤᠨ ᠡᠭᠡᠯᠵᠢᠲᠦ ᠪᠤᠰᠤ ᠴᠢᠭᠤᠯᠭᠠᠨ ᠢᠶᠠᠷ ᠲᠠᠲᠠᠪᠤᠷᠢ ᠶᠢᠨ ᠪᠠᠭᠴᠠ ᠬᠠᠤᠯᠢ ᠶᠢ ᠪᠠᠲᠤᠯᠠᠭᠰᠠᠨ᠃ ᠡᠭᠦᠨ ᠲᠡᠢ ᠬᠣᠯᠪᠣᠭᠳᠠᠭᠤᠯᠤᠨ ᠰᠠᠩ ᠤᠨ ᠰᠠᠶᠢᠳ ᠴ∙ᠬᠦᠷᠡᠯᠪᠠᠭᠠᠲᠤᠷ ᠮᠡᠳᠡᠭᠡᠯᠡᠯ ᠬᠢᠯ᠎ᠡ᠃ ᠲᠡᠷᠡ ᠪᠡᠷ᠄ 2006 ᠣᠨ ᠠᠴᠠ ᠬᠣᠶᠢᠰᠢ ᠲᠠᠲᠠᠪᠤᠷᠢ ᠶᠢᠨ ᠪᠠᠭᠴᠠ ᠬᠠᠤᠯᠢ ᠶᠢ ᠰᠢᠨᠡᠳᠭᠡᠬᠦ ᠠᠰᠠᠭᠤᠳᠠᠯ ᠶᠠᠷᠢᠭᠳᠠᠭᠰᠠᠨ᠃ ᠲᠧᠭᠨᠢᠭ ᠲᠧᠭᠨᠣᠯᠣᠭᠢ ᠰᠢᠨᠡᠴᠢᠯᠡᠭᠳᠡᠭᠰᠡᠨ᠃ ᠦᠨᠳᠦᠰᠦᠲᠡᠨ ᠳᠠᠮᠨᠠᠭᠰᠠᠨ ᠺᠤᠷᠫᠤᠷᠠᠼ ᠣᠷᠣᠵᠤ ᠢᠷᠡᠭᠰᠡᠨ᠃ ᠲᠡᠶᠢᠮᠦ ᠡᠴᠡ ᠣᠯᠠᠨ ᠤᠯᠤᠰ ᠤᠨ ᠲᠠᠲᠠᠪᠤᠷᠢ ᠶᠢᠨ ᠵᠢᠭᠠᠯᠲᠠ ᠨᠤᠭᠤᠳ ᠠᠴᠠ ᠤᠷᠤᠭᠤᠯᠬᠤ ᠱᠠᠭᠠᠷᠳᠠᠯᠭ᠎ᠠ ᠲᠠᠢ ᠪᠣᠯᠤᠭᠰᠠᠨ᠃ ᠵᠢᠯ ᠦᠨ 50 ᠰᠠᠶ᠎ᠠ ᠬᠦᠷᠲᠡᠯ᠎ᠡ ᠲᠥᠭᠥᠷᠢᠭ ᠦᠨ ᠪᠣᠷᠣᠯᠠᠭᠤᠯᠤᠯᠲᠠ ᠶᠢᠨ ᠣᠷᠣᠯᠭ᠎ᠠ ᠲᠠᠢ ᠨᠡᠮᠡᠭᠳᠡᠭᠰᠡᠨ ᠥᠷᠲᠡᠭ ᠦᠨ ᠠᠯᠪᠠᠨ ᠲᠠᠲᠠᠪᠤᠷᠢ ᠰᠠᠭᠤᠳᠬᠠᠨ ᠲᠦᠯᠦᠭᠴᠢ ᠪᠢᠰᠢ ᠢᠷᠭᠡᠨ᠂ ᠠᠵᠤ ᠠᠬᠤᠢ ᠨᠢᠭᠡᠴᠡ ᠵᠢᠯ ᠳᠦ ᠨᠢᠭᠡ ᠤᠳᠠᠭ᠎ᠠ ᠲᠠᠶᠢᠯᠤᠨ ᠭᠠᠷᠭᠠᠵᠤ᠂ ᠪᠣᠷᠣᠯᠠᠭᠤᠯᠤᠯᠲᠠ ᠶᠢᠨ ᠣᠷᠣᠯᠭ᠎ᠠ ᠶᠢᠨ ᠢᠶᠠᠨ ᠨᠢᠭᠡ ᠬᠤᠪᠢ ᠪᠠᠷ ᠲᠠᠲᠠᠪᠤᠷᠢ ᠤᠯᠭᠤᠬᠤ ᠬᠢᠯᠪᠠᠷᠰᠢᠭᠤᠯᠤᠭᠰᠠᠨ ᠪᠣᠯᠤᠮᠵᠢ ᠣᠯᠭᠤᠵᠤ ᠪᠠᠶᠢᠨ᠎ᠠ᠃ ᠲᠤᠬᠠᠶᠢᠯᠠᠪᠠᠯ 10 ᠰᠠᠶ᠎ᠠ ᠲᠥᠭᠥᠷᠢᠭ ᠦᠨ ᠪᠣᠷᠣᠯᠠᠭᠤᠯᠤᠯᠲᠠ ᠶᠢᠨ ᠣᠷᠣᠯᠭ᠎ᠠ ᠲᠠᠢ ᠠᠵᠤ ᠠᠬᠤᠢ ᠨᠢᠭᠡᠴᠡ ᠵᠢᠯ ᠳᠦ ᠪᠡᠨ 100 ᠮᠢᠩᠭᠠᠨ ᠲᠥᠭᠥᠷᠢᠭ ᠦᠨ ᠲᠠᠲᠠᠪᠤᠷᠢ ᠲᠥᠯᠥᠬᠦ ᠪᠡᠷ ᠪᠠᠶᠢᠨ᠎ᠠ᠃ ᠡᠭᠦᠨ ᠳᠦ ᠵᠢᠯ ᠦᠨ 300 ᠰᠠᠶ᠎ᠠ ᠬᠦᠷᠲᠡᠯ᠎ᠡ ᠲᠥᠭᠥᠷᠢᠭ ᠦᠨ ᠪᠣᠷᠣᠯᠠᠭᠤᠯᠤᠯᠲᠠ ᠶᠢᠨ ᠣᠷᠣᠯᠭ᠎ᠠ ᠲᠠᠢ ᠠᠵᠤ ᠠᠬᠤᠢ ᠶᠢᠨ ᠨᠢᠭᠡᠴᠡ ᠵᠢᠯ ᠳᠦ ᠬᠣᠶᠠᠷ ᠤᠳᠠᠭ᠎ᠠ ᠲᠠᠶᠢᠯᠤᠨ ᠭᠠᠷᠭᠠᠵᠤ᠂ ᠠᠰᠢᠭ ᠤᠨ ᠨᠢᠭᠡ ᠬᠤᠪᠢ ᠶᠢᠨ ᠲᠠᠲᠠᠪᠤᠷᠢ ᠲᠥᠯᠦᠨ᠎ᠡ᠃ ᠡᠭᠦᠨ ᠳᠦ 47.8 ᠮᠢᠩᠭᠠᠨ ᠠᠵᠤ ᠠᠬᠤᠢ ᠨᠢᠭᠡᠴᠡ ᠬᠠᠮᠤᠷᠤᠭᠳᠠᠵᠤ ᠪᠠᠶᠢᠨ᠎ᠠ᠃
300 ᠰᠠᠶ᠎ᠠ ᠠᠴᠠ 1.5 ᠲᠡᠷᠪᠤᠮ ᠲᠥᠭᠥᠷᠢᠭ ᠦᠨ ᠪᠣᠷᠣᠯᠠᠭᠤᠯᠤᠯᠲᠠ ᠶᠢᠨ ᠣᠷᠣᠯᠭ᠎ᠠ ᠲᠠᠢ ᠠᠵᠤ ᠠᠬᠤᠢ ᠨᠢᠭᠡᠴᠡ ᠵᠢᠯ ᠳᠦ ᠪᠡᠨ ᠬᠣᠶᠠᠷ ᠤᠳᠠᠭ᠎ᠠ ᠲᠠᠶᠢᠯᠤᠨ ᠭᠠᠷᠭᠠᠵᠤ᠂ 10 ᠬᠤᠪᠢ ᠶᠢᠨ ᠲᠠᠲᠠᠪᠤᠷᠢ ᠪᠠᠨ ᠲᠥᠯᠦᠴᠢᠬᠡᠭᠡᠳ 90 ᠬᠤᠪᠢ ᠪᠠᠨ ᠪᠤᠴᠠᠭᠠᠵᠤ ᠠᠪᠤᠨ᠎ᠠ᠃ ᠢᠩᠭᠢᠵᠦ ᠵᠢᠯ ᠳᠦ ᠳᠥᠷᠪᠡᠨ ᠤᠳᠠᠭ᠎ᠠ ᠲᠠᠶᠢᠯᠤᠨ ᠭᠠᠷᠭᠠᠳᠠᠭ ᠪᠠᠶᠢᠭᠰᠠᠨ ᠢ ᠵᠢᠯ ᠳᠦ ᠨᠢᠭᠡ᠂ ᠬᠣᠶᠠᠷ ᠪᠣᠯᠭᠠᠵᠤ ᠬᠥᠩᠭᠡᠪᠴᠢᠯᠡᠵᠦ ᠥᠭᠭᠦᠭᠰᠡᠨ᠃ ᠠᠮᠢᠳᠤᠷᠠᠨ ᠰᠠᠭᠤᠬᠤ ᠵᠣᠷᠢᠭᠤᠯᠤᠯᠲᠠ ᠪᠠᠷ ᠠᠩᠬ᠎ᠠ ᠤᠳᠠᠭ᠎ᠠ ᠣᠷᠣᠨ ᠰᠠᠭᠤᠴᠠᠨ ᠤ ᠪᠠᠷᠢᠯᠭ᠎ᠠ ᠪᠠᠷᠢᠭᠰᠠᠨ ᠡᠰᠡᠪᠡᠯ ᠬᠤᠳᠠᠯᠳᠤᠨ ᠠᠪᠤᠭᠰᠠᠨ ᠪᠣᠯ ᠭᠤᠷᠪᠠᠨ ᠰᠠᠶ᠎ᠠ ᠲᠥᠭᠥᠷᠢᠭ ᠦᠨ ᠲᠠᠲᠠᠪᠤᠷᠢ ᠶᠢᠨ ᠬᠥᠩᠭᠡᠯᠡᠯᠲᠡ ᠦᠵᠡᠭᠦᠯᠳᠡᠭ ᠪᠠᠶᠢᠭᠰᠠᠨ᠃ ᠡᠭᠦᠨ ᠢ 6 ᠰᠠᠶ᠎ᠠ ᠲᠥᠭᠥᠷᠢᠭ ᠪᠣᠯᠭᠠᠭᠰᠠᠨ᠃ ᠢᠫᠣᠲ᠋ᠧᠺ ᠤᠨ ᠵᠢᠭᠡᠯᠡ ᠪᠡᠷ ᠠᠩᠬ᠎ᠠ ᠤᠳᠠᠭ᠎ᠠ ᠣᠷᠣᠨ ᠰᠠᠭᠤᠴᠠ ᠬᠤᠳᠠᠯᠳᠤᠨ ᠠᠪᠤᠭᠰᠠᠨ ᠢᠷᠭᠡᠨ ᠳᠦ ᠲᠠᠲᠠᠪᠤᠷᠢ ᠶᠢᠨ ᠬᠥᠩᠭᠡᠯᠡᠯᠲᠡ ᠦᠵᠡᠭᠦᠯᠦᠨ᠎ᠡ᠃ ᠢᠫᠣᠲ᠋ᠧᠺ ᠤᠨ ᠵᠢᠭᠡᠯᠡ ᠶᠢᠨ ᠬᠦᠦ 8 ᠬᠤᠪᠢ ᠪᠠᠶᠢᠭ᠎ᠠ᠃ ᠬᠡᠷᠪᠡ ᠢᠷᠭᠡᠨ ᠠᠷᠠᠯᠵᠢᠶᠠᠨ ᠤ ᠪᠠᠩᠬᠢᠨ ᠠᠴᠠ ᠵᠢᠯ ᠦᠨ 13 ᠬᠤᠪᠢ ᠶᠢᠨ ᠬᠦᠦ ᠲᠡᠢ ᠵᠢᠭᠡᠯᠡ ᠠᠪᠤᠭᠰᠠᠨ ᠪᠣᠯ 5 ᠬᠤᠪᠢ ᠶᠢᠨ ᠵᠦᠷᠢᠶ᠎ᠡ ᠶᠢ ᠨᠢ ᠪᠤᠴᠠᠭᠠᠨ ᠥᠭᠴᠦ ᠪᠠᠶᠢᠭ᠎ᠠ ᠬᠡᠮᠡᠨ ᠶᠠᠷᠢᠯ᠎ᠠ᠃