︽ᠱᠣᠩᠬᠣᠷ ᠤᠳ︾ ᠡᠬᠢᠨ ᠦ ᠬᠤᠵᠢᠯ  ᠢᠶᠠᠨ ᠠᠪᠴᠠᠢ | News.MN

︽ᠱᠣᠩᠬᠣᠷ ᠤᠳ︾ ᠡᠬᠢᠨ ᠦ ᠬᠤᠵᠢᠯ  ᠢᠶᠠᠨ ᠠᠪᠴᠠᠢ

ᠦᠨᠳᠦᠰᠦᠨ ᠦ 21 ᠠᠶᠢᠮᠠᠭ ᠤᠨ ᠯᠢᠭ ᠦᠨ ᠲᠡᠷᠢᠭᠦᠨ ᠬᠡᠰᠡᠭ ᠦᠨ ᠠᠪᠤᠷᠭᠤ ᠶᠢᠨ ᠴᠤᠪᠤᠷᠠᠯ ᠲᠡᠮᠡᠴᠡᠭᠡᠨ ᠳᠦ ᠠᠷᠤᠬᠠᠩᠭᠠᠢ ᠠᠯᠲᠠᠨ ᠳᠣᠷᠣᠨᠠᠲᠤ ᠶᠢᠨ ᠳᠠᠶᠢᠴᠢᠳ ᠪᠠᠭ 2᠄0 ᠍ ᠢᠶᠡᠷ ᠲᠡᠷᠢᠭᠦᠯᠡᠵᠦ ᠪᠠᠶᠢᠭᠰᠠᠨ ᠪᠥᠭᠡᠳ ᠤᠭ ᠴᠤᠪᠤᠷᠠᠯ ᠤᠨ  ᠭᠤᠷᠪᠠᠳᠠᠬᠢ ᠲᠣᠭᠯᠠᠯᠲᠠ ᠪᠣᠯᠤᠯ᠎ᠠ᠃ ᠴᠤᠪᠤᠷᠠᠯ ᠢ ᠲᠠᠭᠠᠷᠠᠤᠬᠠᠨ ᠡᠬᠢᠯᠡᠭᠰᠡᠨ ︽ᠱᠣᠩᠬᠣᠷ ᠤᠳ︾ ᠡᠨᠡ ᠲᠣᠭᠯᠠᠯᠲᠠ ᠶᠢᠨ ᠡᠬᠢᠨ ᠦ ᠦᠶᠡᠰ ᠯᠠ ᠡᠷᠴᠢ ᠬᠦᠴᠦᠲᠡᠢ ᠪᠠᠶᠢᠵᠤ᠂ ᠳᠠᠶᠢᠴᠢᠳ ᠪᠠᠭ ᠤᠨ ᠳᠣᠪᠲᠣᠯᠭ᠎ᠠ ᠶᠢ ᠨᠢᠴᠤᠭᠠᠵᠤ ᠥᠪᠡᠷᠰᠡᠳ ᠦᠨ ᠣᠨᠣᠭ᠎ᠠ ᠪᠠᠨ ᠠᠬᠢᠭᠤᠯᠤᠭᠰᠠᠭᠠᠷ ᠪᠠᠶᠢᠪᠠ᠃ ᠤᠯᠠᠮ ᠢᠶᠠᠷ ᠭᠤᠷᠪᠠᠳᠤᠭᠠᠷ ᠦᠶ᠎ᠡ ᠳᠠᠭᠤᠰᠬᠤ ᠳᠤ ᠱᠣᠩᠬᠣᠷ ᠤᠳ 100 ᠣᠨᠣᠭ᠎ᠠ ᠠᠪᠴᠤ᠂ ᠥᠷᠢᠰᠦᠯᠳᠦᠭᠴᠢ  ᠪᠠᠭ ᠲᠤ ᠪᠠᠨ 64 ᠣᠨᠣᠭ᠎ᠠ ᠠᠯᠳᠠᠭᠰᠠᠨ ᠶᠤᠮ᠃ ᠤᠯᠠᠮ ᠢᠶᠠᠷ 114-100 ᠬᠠᠷᠢᠴᠠᠭ᠎ᠠ ᠲᠠᠢ ᠬᠣᠪᠳᠣ ᠱᠣᠩᠬᠣᠷ ᠤᠳ ᠬᠣᠵᠢᠵᠤ᠂ ᠴᠤᠪᠤᠷᠠᠯ ᠢ 2᠄1 ᠪᠣᠯᠭᠠᠵᠤ ᠣᠶᠢᠷᠠᠲᠤᠭᠤᠯᠵᠤ ᠴᠢᠳᠠᠯ᠎ᠠ᠃
ᠲᠤᠰ  ᠲᠤᠭᠯᠠᠯᠳᠠ ᠳᠤ ᠡ᠊∙ᠳᠦᠯᠭᠡᠨ 22 ᠣᠨᠣᠭ᠎ᠠ᠂ 18 ᠰᠠᠮᠪᠠᠷ᠎ᠠ᠂ 11 ᠣᠨᠣᠪᠴᠢᠲᠠᠢ ᠳᠠᠮᠵᠢᠭᠤᠯᠤᠯᠲᠠ᠂ 6 ᠪᠥᠮᠪᠥᠭᠡ ᠲᠠᠰᠤᠯᠤᠯᠲᠠ ᠬᠢᠭᠰᠡᠨ ᠣᠨᠴᠠᠭᠠᠢ ᠠᠮᠵᠢᠯᠲᠠ ᠦᠵᠡᠭᠦᠯᠪᠡ᠃

ᠰᠡᠳᠬᠢᠭᠳᠡᠯ ᠦᠯᠡᠳᠡᠭᠡᠬᠦ