ᠡᠷᠬᠦᠦ ᠳᠦ ᠦᠵᠡᠰᠭᠦᠯᠡᠩ ᠭᠠᠷᠭᠠᠯ᠎ᠠ | News.MN

ᠡᠷᠬᠦᠦ ᠳᠦ ᠦᠵᠡᠰᠭᠦᠯᠡᠩ ᠭᠠᠷᠭᠠᠯ᠎ᠠ

ᠣᠷᠣᠰ ᠤᠨ ᠬᠣᠯᠪᠣᠭᠠᠨ ᠤ ᠤᠯᠤᠰ ᠤᠨ  ᠡᠷᠬᠦᠦ ᠬᠤᠲᠠ ᠳᠤ ︽ᠬᠠᠯᠬ᠎ᠠ ᠶᠢᠨ ᠭᠣᠣᠯ-80︾ ᠦᠵᠡᠰᠬᠦᠯᠡᠩ  ᠨᠡᠭᠡᠭᠡᠭᠳᠡᠵᠡᠢ᠃ ᠡᠨᠡ ᠦᠵᠡᠰᠬᠦᠯᠡᠩ ᠨᠢ ᠵᠥᠪᠯᠡᠯᠲᠦ ᠪᠣᠯᠤᠨ ᠮᠣᠩᠭᠣᠯ ᠤᠨ ᠴᠡᠷᠢᠭ ᠦᠳ ᠶᠠᠫᠣᠨ ᠤ ᠡᠵᠡᠯᠡᠨ ᠲᠦᠷᠢᠮᠡᠭᠡᠶᠢᠯᠡᠭᠴᠢᠳ ᠢ ᠢᠯᠠᠭᠰᠠᠨ ᠲᠡᠦᠬᠡᠨ ᠣᠢ᠂ ᠲᠡᠭᠦᠨᠴᠢᠯᠡᠨ 2004-2014 ᠣᠨ ᠤ ᠬᠣᠭᠣᠷᠣᠨᠳᠣ ᠵᠣᠬᠢᠶᠠᠨ ᠪᠠᠶᠢᠭᠤᠯᠤᠭᠳᠠᠭᠰᠠᠨ ᠣᠯᠠᠨ ᠤᠯᠤᠰ ᠤᠨ ᠵᠠᠯᠠᠭᠤᠴᠤᠳ ᠤᠨ ᠡᠺᠰᠫᠧᠳᠢᠼ ᠦᠨ ᠲᠡᠦᠬᠡ ᠳᠦ ᠵᠣᠷᠢᠭᠤᠯᠤᠭᠳᠠᠭᠰᠠᠨ ᠬᠡᠮᠡᠨ ᠵᠣᠬᠢᠶᠠᠨ ᠪᠠᠶᠢᠭᠤᠯᠤᠭᠴᠢᠳ ᠣᠨᠴᠠᠯᠠᠭᠰᠠᠨ ᠪᠠᠶᠢᠨ᠎ᠠ᠃ 1939 ᠣᠨ ᠤ ᠬᠠᠪᠤᠷ ᠠᠴᠠ ᠨᠠᠮᠤᠷ ᠤᠨ ᠬᠣᠭᠣᠷᠣᠨᠳᠣ ᠪᠣᠯᠤᠭᠰᠠᠨ ᠬᠠᠯᠬ᠎ᠠ ᠶᠢᠨ ᠭᠣᠣᠯ ᠤᠨ ᠪᠠᠶᠢᠯᠳᠤᠭᠠᠨ ᠨᠢ ᠣᠯᠠᠨ ᠤᠯᠤᠰ ᠤᠨ ᠤᠯᠤᠰ ᠲᠥᠷᠥ ᠳᠦ ᠶᠡᠬᠡᠬᠡᠨ ᠠᠴᠢ ᠬᠣᠯᠪᠣᠭᠳᠠᠯ ᠲᠠᠢ ᠪᠠᠶᠢᠭᠰᠠᠨ᠃ ᠠᠯᠪᠠᠨ ᠶᠣᠰᠣᠨ ᠤ ᠮᠡᠳᠡᠭᠡᠯᠡᠯ ᠢᠶᠡᠷ ᠡᠨᠡ ᠪᠠᠶᠢᠯᠳᠤᠭᠠᠨ ᠤ ᠦᠶ᠎ᠡ ᠪᠡᠷ 10000 ᠵᠥᠪᠯᠡᠯᠲᠦ ᠶᠢᠨ ᠴᠡᠷᠢᠭ ᠠᠮᠢ ᠪᠠᠨ ᠠᠯᠳᠠᠵᠤ᠂ ᠣᠷᠣ ᠰᠤᠷᠠᠭ ᠦᠭᠡᠢ ᠪᠣᠯᠤᠭᠰᠠᠨ ᠪᠣᠯ ᠮᠣᠩᠭᠣᠯ ᠤᠨ ᠲᠠᠯ᠎ᠠ ᠠᠴᠠ 895 ᠴᠡᠷᠢᠭ ᠠᠮᠢ ᠦᠷᠡᠭᠳᠡᠵᠡᠢ᠃
ᠥᠨᠥᠳᠥᠷ ᠪᠢᠳᠡ ᠮᠣᠩᠭᠣᠯ ᠤᠯᠤᠰ ᠤᠨ ᠡᠷᠬᠡ ᠴᠢᠯᠦᠭᠡ ᠲᠤᠰᠠᠭᠠᠷ ᠲᠣᠭᠲᠠᠨᠢᠯ ᠤᠨ ᠲᠥᠯᠥᠭᠡ ᠠᠮᠢ ᠪᠠᠨ ᠡᠷᠭᠦᠭᠰᠡᠨ ᠳᠠᠶᠢᠴᠢᠳ ᠤᠨ ᠳᠤᠷᠠᠰᠬᠠᠯ ᠢ ᠮᠥᠩᠬᠡᠵᠢᠭᠦᠯᠬᠦ ᠳᠦ ᠬᠤᠪᠢ ᠨᠡᠷ᠎ᠡ ᠪᠡᠨ ᠣᠷᠣᠭᠤᠯᠵᠤ ᠪᠠᠶᠢᠨ᠎ᠠ᠃ ᠲᠤᠬᠠᠢ ᠶᠢᠨ ᠦᠶ᠎ᠡ ᠶᠢᠨ ᠦᠢᠯᠡ ᠶᠠᠪᠤᠳᠠᠯ ᠠᠴᠠ ᠬᠠᠳᠠᠭᠠᠯᠠᠭᠳᠠᠨ ᠦᠯᠡᠳᠡᠭᠰᠡᠨ ᠲᠡᠦᠬᠡᠨ ᠮᠠᠲ᠋ᠧᠷᠢᠶᠠᠯ ᠲᠤᠩ ᠴᠥᠭᠡᠨ᠃ ᠮᠣᠩᠭᠣᠯ ᠤᠯᠤᠰ ᠳᠠᠬᠢ ᠮᠠᠷᠱᠠᠯ ᠵᠦᠺᠦᠪ ᠤᠨ ᠳᠤᠷᠠᠰᠬᠠᠯ ᠤᠨ ᠮᠦᠽᠧᠢ᠂  ᠡᠷᠬᠦᠦ ᠶᠢᠨ  ︽ᠸᠸᠲᠸᠷᠠᠨ︾ ᠴᠡᠷᠢᠭ ᠦᠨ ᠠᠵᠢᠯᠯᠠᠭᠠᠨ ᠳᠤ  ᠤᠷᠤᠯᠴᠠᠭᠰᠠᠳ ᠢ ᠳᠡᠮᠵᠢᠬᠦ ᠣᠯᠠᠨ ᠨᠡᠶᠢᠲᠡ ᠶᠢᠨ  ᠰᠠᠩ ᠂ ︽ᠢᠯᠠᠯᠲᠠ ᠶᠢᠨ ᠲᠥᠯᠦᠭᠡᠬᠢ ᠪᠠᠬᠠᠷᠬᠠᠯ ᠤᠨ ᠳᠦᠯᠦ︾ ᠣᠯᠠᠨ ᠤᠯᠤᠰ ᠤᠨ ᠵᠠᠯᠠᠭᠤᠰ ᠤᠨ 5 ᠳ᠋ᠤᠭᠠᠷ ᠡᠺᠰᠫᠧᠳᠢᠼ ᠦᠨ ᠰᠠᠶᠢᠨ ᠳᠤᠷ᠎ᠠ ᠶᠢᠨ ᠬᠢᠨ ᠲᠠᠢ ᠬᠠᠮᠲᠤ ᠲᠡᠦᠬᠡᠨ ᠪᠠᠷᠢᠮᠲᠠ ᠳᠤᠷᠠᠰᠬᠠᠯ ᠢ ᠰᠡᠷᠭᠦᠭᠡᠬᠦ ᠥᠷᠭᠡᠨ ᠴᠠᠷ᠎ᠠ ᠬᠦᠷᠢᠶ᠎ᠡ ᠲᠡᠢ ᠠᠵᠢᠯ ᠤᠳ ᠢ ᠬᠢᠭᠰᠡᠨ᠃ ᠡᠨᠡᠬᠦ ᠤᠶᠢᠭ᠎ᠠ ᠦᠭᠡᠢ ᠬᠥᠳᠡᠯᠮᠦᠷᠢ ᠶᠢᠨ ᠳ᠋ᠦᠩ ᠳᠦ ᠡᠨᠡ ᠦᠵᠡᠰᠬᠦᠯᠡᠩ ᠡᠴᠡ ᠲᠡᠷᠲᠡᠭᠡᠬᠢ ᠬᠦᠨᠳᠦ ᠡᠳᠦᠷ ᠦᠳ ᠦᠨ ᠠᠭᠤᠷ ᠠᠮᠢᠰᠬᠤᠯ ᠢ  ᠮᠡᠳᠡᠷᠡᠵᠦ ᠪᠤᠯᠬᠤ ᠭᠡᠷᠡᠯ ᠵᠢᠷᠤᠭ᠂ ᠦᠵᠡᠮᠦᠷᠢ ᠨᠦᠭᠦᠳ ᠲᠠᠯᠪᠢᠭᠳᠠᠭᠰᠠᠨ ᠶᠤᠮ᠃ ᠡᠨᠡ ᠦᠵᠡᠰᠬᠦᠯᠡᠩ ᠣᠷᠣᠰ ᠮᠣᠩᠭᠣᠯ ᠤᠨ ᠬᠠᠷᠢᠯᠴᠠᠭ᠎ᠠ ᠶᠢ ᠪᠡᠬᠢᠵᠢᠭᠦᠯᠬᠦ ᠳᠦ ᠬᠤᠪᠢ ᠨᠡᠮᠡᠷᠢ ᠪᠡᠨ ᠣᠷᠣᠭᠤᠯᠤᠨ᠎ᠠ ᠭᠡᠳᠡᠭ ᠲᠦ ᠢᠲᠡᠭᠡᠯ ᠲᠡᠢ ᠪᠠᠶᠢᠨ᠎ᠠ ᠬᠡᠮᠡᠨ ᠣᠷᠣᠰ ᠬᠣᠯᠪᠣᠭᠠᠨ ᠤ ᠤᠯᠤᠰ ᠤᠨ ᠲᠥᠷᠥ ᠶᠢᠨ ᠳ᠋ᠤᠮᠠ ᠶᠢᠨ ᠭᠡᠰᠢᠭᠦᠨ ᠰᠧᠷᠠᠭᠢ ᠲᠧᠨ ᠮᠡᠳᠡᠭᠳᠡᠵᠡᠢ᠃

ᠰᠡᠳᠬᠢᠭᠳᠡᠯ ᠦᠯᠡᠳᠡᠭᠡᠬᠦ