ᠠᠽᠢᠶ᠎ᠠ ᠡᠴᠡ ᠳᠣᠯᠣᠭᠠᠨ ᠠᠯᠲᠠᠨ ᠮᠧᠳᠠᠯ ᠬᠦᠷᠲᠡᠯ᠎ᠡ | News.MN

ᠠᠽᠢᠶ᠎ᠠ ᠡᠴᠡ ᠳᠣᠯᠣᠭᠠᠨ ᠠᠯᠲᠠᠨ ᠮᠧᠳᠠᠯ ᠬᠦᠷᠲᠡᠯ᠎ᠡ

ᠪᠥᠬᠡ ᠶᠢᠨ ᠲᠥᠷᠥᠯ ᠦᠳ ᠦᠨ ᠠᠽᠢᠶ᠎ᠠ ᠶᠢᠨ ᠠᠪᠤᠷᠭᠤ ᠰᠢᠯᠭᠠᠷᠠᠭᠤᠯᠬᠤ U23 ᠨᠠᠰᠤᠨ ᠳᠤ  ᠬᠦᠷᠦᠭᠰᠡᠳ ᠦᠨ ᠲᠡᠮᠡᠴᠡᠭᠡᠨ ᠡᠨᠡ ᠰᠠᠷ᠎ᠠ ᠶᠢᠨ 21-24 ᠍ ᠦ ᠡᠳᠦᠷ ᠦᠳ ᠲᠦ ᠪᠤᠶᠠᠨᠲᠤ-ᠬᠤᠸᠠ ᠰᠫᠣᠷᠲ ᠴᠣᠭᠴᠠᠯᠠᠪᠤᠷᠢ ᠳᠤ ᠪᠣᠯᠵᠤ ᠥᠩᠭᠡᠷᠡᠯ᠎ᠡ᠃ ᠮᠣᠩᠭᠣᠯ᠂ ᠢᠷᠡᠨ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠬᠠᠰᠠᠭᠰᠲ᠋ᠠᠨ᠂ ᠰᠢᠩᠭᠠᠫᠦᠷ᠂ ᠡᠨᠡᠳᠬᠡᠭ ᠵᠡᠷᠭᠡ 12 ᠣᠷᠣᠨ ᠤ 200 ᠭᠠᠷᠤᠢ ᠲᠠᠮᠢᠷᠴᠢᠨ  ᠤᠷᠤᠯᠴᠠᠵᠤ  ᠂ ᠮᠠᠨ ᠤ ᠤᠯᠤᠰ ᠠᠴᠠ ᠪᠥᠬᠡ ᠶᠢᠨ ᠰᠣᠩᠭᠣᠮᠠᠯ᠂ ᠴᠢᠯᠦᠭᠡᠲᠦ ᠪᠥᠬᠡ ︵ᠡᠷᠡᠭᠲᠡᠢ᠂ ᠡᠮᠡᠭᠲᠡᠢ︶ ᠭᠤᠷᠪᠠᠨ ᠲᠥᠷᠥᠯ ᠳᠦ 30 ᠭᠠᠷᠤᠢ ᠲᠠᠮᠢᠷᠴᠢᠳ ᠬᠦᠴᠦ ᠪᠡᠨ ᠦᠵᠡᠯ᠎ᠡ᠃
ᠡᠷᠡᠭᠲᠡᠶᠢᠴᠦᠳ ᠦᠨ 70 ᠺᠢᠯᠦᠭᠷᠡᠮ ᠤᠨ ᠵᠢᠩ ᠳᠦ ᠡ᠊∙ᠲᠡᠮᠡᠦᠯᠦᠨ᠂ 53 ᠺᠢᠯᠦᠭᠷᠡᠮ ᠳᠦ ᠣᠷᠬᠣᠨ ᠠᠶᠢᠮᠠᠭ ᠤᠨ ᠲᠠᠮᠢᠷᠴᠢᠨ ᠪ∙ᠬᠠᠯᠢᠭᠤᠨ ᠂ ᠪᠠᠶᠠᠨᠬᠣᠩᠭᠣᠷ ᠠᠶᠢᠮᠠᠭ ᠤᠨ ᠲᠠᠮᠢᠷᠴᠢᠨ ᠥ᠊∙ᠫᠦᠷᠪᠦᠰᠦ᠋ᠷᠦᠩ ᠨᠠᠷ ᠠᠯᠲᠠᠨ ᠮᠧᠳᠠᠯ ᠬᠦᠷᠲᠡᠵᠦ ᠂ ᠮᠠᠨ ᠤ ᠴᠢᠯᠦᠭᠡᠲᠦ ᠪᠥᠬᠡ ᠶᠢᠨ ᠲᠠᠮᠢᠷᠴᠢᠳ ᠨᠤᠲᠤᠭ ᠤᠨ ᠢᠶᠠᠨ ᠳᠡᠪᠵᠢᠭᠡᠨ ᠳᠡᠭᠡᠷ᠎ᠡ ᠳᠣᠯᠣᠭᠠᠨ ᠠᠯᠲᠠᠨ ᠮᠧᠳᠠᠯ ᠬᠦᠷᠲᠡᠯ᠎ᠡ᠃

ᠰᠡᠳᠬᠢᠭᠳᠡᠯ ᠦᠯᠡᠳᠡᠭᠡᠬᠦ