– ᠡᠷᠳᠡᠨᠢᠲᠦ ᠦᠢᠯᠡᠳᠪᠦᠷᠢ ᠶᠢ ᠤᠯᠤᠰ ᠤᠨ ᠦᠢᠯᠡᠳᠪᠦᠷᠢ ᠶᠢᠨ ᠭᠠᠵᠠᠷ ᠪᠣᠯᠭᠠᠬᠤ ᠰᠢᠢᠳᠪᠦᠷᠢ ᠶᠢ ᠵᠠᠰᠠᠭ ᠤᠨ ᠭᠠᠵᠠᠷ ᠠᠴᠠ ᠭᠠᠷᠭᠠᠯ᠎ᠠ᠃ ᠰᠲ᠋ᠠᠲ᠋ᠦ᠋ᠰ ᠢ ᠢᠩᠭᠢᠵᠦ ᠥᠭᠡᠷᠡᠴᠢᠯᠡᠭᠰᠡᠨ ᠢᠶᠡᠷ ᠶᠠᠮᠠᠷ ᠨᠥᠯᠥᠭᠡ ᠦᠵᠡᠭᠦᠯᠬᠦ ᠪᠤᠢ ︖
– ᠶᠠᠭᠤᠨ ᠤ ᠡᠮᠦᠨ᠎ᠡ ᠮᠠᠨ ᠤ ᠺᠣᠮᠫᠠᠨᠢ ᠡᠷᠳᠡᠨᠢᠲᠦ ᠦᠢᠯᠡᠳᠪᠦᠷᠢ ᠶᠢᠨ ᠬᠤᠪᠢᠴᠠᠭ᠎ᠠ ᠡᠵᠡᠮᠰᠢᠭᠴᠢ ᠪᠤᠯᠤᠭᠠᠳ ᠭᠠᠷᠤᠭᠰᠠᠨ ᠥᠭᠡᠷᠡᠴᠢᠯᠡᠯᠲᠡ ᠨᠦᠭᠦᠳ ᠢ ᠬᠡᠯᠡᠬᠦ ᠨᠢ ᠵᠦᠢᠲᠡᠢ ᠪᠠᠶᠢᠬᠤ ᠃ ᠬᠣᠶᠠᠷ ᠤᠯᠤᠰ ᠤᠨ ᠭᠡᠷ᠎ᠡ ᠪᠡᠷ ᠳᠥᠴᠢ ᠰᠢᠬᠠᠮ ᠵᠢᠯ ᠠᠵᠢᠯᠯᠠᠬᠤ ᠳᠤ ᠪᠠᠨ ᠮᠣᠩᠭᠣᠯ ᠤᠨ ᠬᠠᠤᠯᠢ ᠲᠣᠭᠲᠠᠭᠠᠮᠵᠢ ᠳᠤ ᠵᠠᠬᠢᠷᠤᠭᠳᠠᠳᠠᠭ ᠦᠭᠡᠢ ᠪᠠᠶᠢᠭᠰᠠᠨ49 ᠬᠤᠪᠢ ᠶᠢ ᠡᠬᠡ ᠣᠷᠣᠨ ᠳᠤ ᠪᠠᠨ ᠠᠪᠴᠢᠷᠠᠭᠰᠠᠨ ᠃ ᠪᠢᠳᠡ ᠡᠨᠡ ᠬᠣᠶᠠᠷ ᠵᠢᠯ ᠦᠨ ᠬᠤᠭᠤᠴᠠᠭᠠᠨ ᠳᠤ ᠲᠧᠨᠳᠧᠷ ᠦᠨ ᠵᠢᠷᠤᠮ ᠠᠴᠠ ᠡᠬᠢᠯᠡᠭᠡᠳ ᠦᠢᠯᠡ ᠠᠵᠢᠯᠯᠠᠭᠠᠨ ᠳᠤ ᠮᠥᠷᠳᠡᠳᠡᠭ 800 ᠭᠠᠷᠤᠢ ᠳᠦᠷᠢᠮ᠂ ᠵᠢᠷᠤᠮ ᠢ ᠥᠭᠡᠷᠡᠴᠢᠯᠡᠵᠦ ᠰᠢᠨᠡᠴᠢᠯᠡᠭᠰᠡᠨ᠃ 2017 ᠣᠨ ᠤ ᠶᠢᠰᠦᠳᠦᠭᠡᠷ ᠰᠠᠷ᠎ᠠ ᠳᠤ ᠡᠷᠳᠡᠨᠢᠲᠦ ᠦᠢᠯᠡᠳᠪᠦᠷᠢ ᠤᠯᠤᠰ ᠤᠨ ᠣᠨᠴᠠ ᠴᠢᠬᠤᠯᠠ ᠣᠪᠶᠧᠺᠲ ᠪᠣᠯᠤᠭᠰᠠᠨ ᠲᠤᠯᠠ ᠬᠠᠷᠠᠭᠤᠯ ᠬᠠᠮᠠᠭᠠᠯᠠᠯᠲᠠ ᠶᠢ ᠰᠠᠶᠢᠵᠢᠷᠠᠭᠤᠯᠤᠭᠰᠠᠨ᠃
ᠣᠳᠣ ᠤᠯᠤᠰ ᠲᠥᠷᠥ ᠶᠢᠨ ᠨᠥᠯᠥᠭᠡᠯᠡᠯ ᠣᠷᠣᠵᠤ ᠢᠷᠡᠭᠡᠳ ᠡᠨᠡ ᠪᠤᠢ ᠪᠣᠯᠭᠠᠭᠰᠠᠨ ᠰᠠᠶᠢᠨ ᠵᠢᠱᠢᠭ ᠢ ᠦᠭᠡᠶᠢᠬᠢᠬᠦ ᠪᠤᠢ ᠭᠡᠰᠡᠨ ᠪᠣᠯᠭᠣᠮᠵᠢᠯᠠᠯ ᠪᠤᠢ ᠃ ᠼ∙ᠨᠢᠮᠠᠳᠣᠷᠵᠢ ᠰᠠᠶᠢᠳ ᠦᠢᠯᠡᠳᠪᠦᠷᠢ ᠶᠢ ᠲᠥᠯᠥᠭᠡᠯᠡᠨ ᠤᠳᠤᠷᠢᠳᠬᠤ ᠵᠥᠪᠯᠡᠯ ᠦᠭᠡᠢ ᠪᠣᠯᠭᠠᠵᠤ᠂ ᠦᠢᠯᠡᠳᠪᠦᠷᠢ ᠶᠢᠨ ᠳᠠᠷᠤᠭ᠎ᠠ ᠶᠢ ᠵᠠᠰᠠᠭ ᠤᠨ ᠭᠠᠵᠠᠷ ᠠᠴᠠ ᠰᠢᠭᠤᠳ ᠲᠣᠮᠢᠯᠠᠨ᠎ᠠ ᠭᠡᠵᠦ ᠬᠡᠯᠡᠯ᠎ᠡ ᠃ ᠡᠨᠡ ᠪᠣᠯ ᠶᠠᠮᠠᠷ ᠴᠤ ᠬᠢᠨᠠᠯᠲᠠ ᠦᠭᠡᠢ ᠪᠣᠯᠭᠠᠭᠰᠠᠨ ᠢᠶᠠᠨ ᠯᠠ ᠵᠠᠷᠯᠠᠭᠰᠠᠨ ᠬᠡᠷᠡᠭ ᠃ ᠡᠮᠦᠨ᠎ᠡ ᠨᠢ ᠪᠢᠳᠡ ᠬᠤᠳᠠᠯᠳᠤᠨ ᠠᠪᠤᠯᠲᠠ ᠬᠢᠬᠦ ᠳᠦ ᠪᠡᠨ ᠡᠬᠢᠯᠡᠭᠡᠳ ᠰᠤᠳᠤᠯᠭ᠎ᠠ ᠬᠢᠵᠦ᠂ ᠳᠠᠷᠠᠭ᠎ᠠ ᠨᠢ ᠲᠧᠨᠳᠧᠷ ᠢ ᠨᠢ ᠵᠠᠷᠯᠠᠵᠤ᠂ ᠰᠢᠯᠭᠠᠷᠠᠭᠰᠠᠨ ᠺᠣᠮᠫᠠᠨᠢ ᠨᠤᠭᠤᠳ ᠲᠠᠢ ᠭᠡᠷ᠎ᠡ ᠬᠢᠬᠦ ᠳᠦ ᠪᠡᠨ ᠰᠠᠯᠪᠤᠷᠢ ᠨᠢᠭᠡᠴᠡ ᠪᠦᠷᠢ ᠨᠡᠭᠡᠭᠡᠯᠲᠡ ᠲᠡᠢ ᠣᠷᠣᠯᠴᠠᠳᠠᠭ ᠪᠠᠶᠢᠭᠰᠠᠨ ᠃ ᠤᠳᠤ ᠡᠶᠢᠮᠦ ᠵᠦᠢᠯ ᠪᠠᠶᠢᠬᠤ ᠦᠭᠡᠢ ᠪᠣᠯᠵᠤ ᠪᠠᠶᠢᠨ᠎ᠠ᠃ ᠲᠡᠭᠦᠨᠴᠢᠯᠡᠨ ᠡᠷᠳᠡᠨᠢᠲᠦ ᠦᠢᠯᠡᠳᠪᠦᠷᠢ ᠳᠦ ᠲᠥᠯᠥᠭᠡᠯᠡᠨ ᠤᠳᠤᠷᠢᠳᠬᠤ ᠵᠥᠪᠯᠡᠯ ᠲᠡᠢ ᠪᠠᠶᠢᠬᠤ ᠳᠤ ᠪᠠᠨ ᠭᠦᠢᠴᠡᠳᠭᠡᠬᠦ ᠵᠠᠬᠢᠷᠤᠯ ᠳᠤ 10 ᠲᠡᠷᠪᠤᠮ ᠲᠥᠭᠥᠷᠢᠭ ᠦᠨ ᠦᠨ᠎ᠡ ᠶᠢᠨ ᠳ᠋ᠦᠩ ᠳᠣᠲᠣᠷ᠎ᠠ ᠭᠡᠷ᠎ᠡ ᠬᠢᠬᠦ ᠡᠷᠬᠡ ᠣᠯᠭᠤᠵᠤ ᠬᠢᠵᠠᠭᠠᠷᠯᠠᠳᠠᠭ ᠪᠠᠶᠢᠭᠰᠠᠨ ᠃ ᠭᠡᠲᠡᠯ᠎ᠡ ᠣᠳᠣ ᠡᠨᠡ ᠬᠢᠵᠠᠭᠠᠷ ᠦᠭᠡᠢ ᠪᠣᠯᠵᠤ᠂ ᠬᠡᠮᠵᠢᠶᠡᠯᠡᠰᠢ ᠦᠭᠡᠢ ᠡᠷᠬᠡᠲᠦ ᠬᠠᠭᠠᠨ ᠲᠠᠢ ᠪᠣᠯᠴᠢᠬᠠᠯ᠎ᠠ ᠃ ᠵᠢᠯ ᠳᠦ ᠪᠡᠨ ᠲᠧᠨᠳᠧᠷ ᠵᠠᠷᠯᠠᠨ ᠬᠤᠳᠠᠯᠳᠤᠨ ᠠᠪᠳᠠᠭ ᠪᠠᠷᠠᠭ᠎ᠠ ᠪᠦᠲᠦᠭᠡᠭᠳᠡᠬᠦᠨ ᠡᠴᠡ 25-35 ᠲᠡᠷᠪᠤᠮ ᠲᠥᠭᠥᠷᠢᠭ ᠦᠨ ᠪᠣᠳᠠᠲᠠᠢ ᠬᠡᠮᠨᠡᠯᠲᠡ ᠭᠠᠷᠳᠠᠭ ᠪᠠᠶᠢᠭᠰᠠᠨ ᠮᠠᠨᠢ ᠣᠳᠣ ᠦᠭᠡᠢ ᠪᠣᠯᠬᠤ ᠪᠠᠶᠢᠬᠤ᠃
– ᠣᠨᠴᠠ ᠪᠠᠶᠢᠳᠠᠯ ᠵᠠᠷᠯᠠᠬᠤ ᠰᠢᠢᠳᠪᠦᠷᠢ ᠭᠠᠷᠭᠠᠭᠰᠠᠨ ᠲᠣᠭᠲᠠᠭᠠᠯ ᠳᠤ ᠬᠠᠤᠯᠢ ᠡᠷᠬᠡ ᠵᠦᠢ ᠶᠢᠨ ᠬᠤᠪᠢ ᠳᠤ ᠠᠯᠳᠠᠭ᠎ᠠ ᠭᠠᠷᠤᠭᠰᠠᠨ ᠲᠠᠯ᠎ᠠ ᠪᠠᠷ ᠵᠠᠷᠢᠮ ᠬᠠᠤᠯᠢᠴᠢᠳ ᠶᠠᠷᠢᠵᠤ ᠪᠠᠶᠢᠨ᠎ᠠ ᠃ ᠡᠷᠳᠡᠨᠢᠲᠦ ᠶᠢᠨ 49 ᠬᠤᠪᠢ ᠶᠢ ᠬᠤᠳᠠᠯᠳᠤᠨ ᠠᠪᠬᠤ ᠡᠷᠬᠡ ᠣᠯᠭᠤᠭᠰᠠᠨ ᠡᠮᠦᠨᠡᠬᠢ ᠵᠠᠰᠠᠭ ᠤᠨ ᠭᠠᠵᠠᠷ ᠤᠨ ᠲᠣᠭᠲᠠᠭᠠᠯ ᠢ ᠪᠦᠬᠦᠯᠢ ᠳᠦ ᠨᠢ ᠬᠦᠴᠦᠨ ᠦᠭᠡᠢ ᠪᠣᠯᠭᠠᠭᠰᠠᠨ ᠢᠶᠠᠷ ᠡᠨᠡ ᠬᠤᠳᠠᠯᠳᠤᠨ ᠠᠪᠤᠯᠲᠠ ᠴᠤᠴᠠᠯᠠᠭᠳᠠᠵᠤ᠂ ᠡᠷᠭᠢᠭᠡᠳ ᠣᠷᠣᠰ ᠤᠨ ᠲᠠᠯ᠎ᠠ ᠳᠤ 49 ᠬᠤᠪᠢ ᠪᠤᠴᠠᠬᠤ ᠶᠤᠮ ᠪᠢᠰᠢ ᠤᠤ ︖
– ᠪᠢ ᠲᠣᠭᠲᠠᠭᠠᠯ ᠢ ᠣᠳᠣ ᠪᠠᠷ ᠣᠯᠵᠤ ᠬᠠᠷᠠᠭ᠎ᠠ ᠦᠭᠡᠢ ᠪᠠᠶᠢᠨ᠎ᠠ ᠃ ᠦᠨᠡᠬᠡᠷ ᠡᠶᠢᠮᠦ ᠰᠢᠢᠳᠪᠦᠷᠢ ᠭᠠᠷᠤᠭᠰᠠᠨ ᠪᠣᠯ ᠣᠷᠣᠰ ᠤᠨ ᠲᠠᠯ᠎ᠠ ᠳᠤ 49 ᠬᠤᠪᠢ ᠪᠤᠴᠠᠭᠠᠳ ᠣᠴᠢᠨ᠎ᠠ ᠃ ᠡᠨᠡ ᠪᠣᠯ ᠣᠷᠣᠰ ᠤᠨ ᠬᠣᠯᠪᠣᠭᠠᠨ ᠤ ᠤᠯᠤᠰ ᠲᠤ ᠴᠤ᠂ ᠮᠣᠩᠭᠣᠯ ᠳᠤ ᠴᠤ ᠦᠢᠯᠡᠴᠢᠯᠡᠳᠡᠭ ᠡᠷᠬᠡ ᠵᠦᠢ ᠶᠢᠨ ᠣᠷᠴᠢᠨ᠃
– ᠤᠯᠤᠰ ᠤᠨ ᠶᠡᠬᠡ ᠬᠤᠷᠠᠯ ᠦᠨ 23 ᠳ᠋ᠤᠭᠠᠷ ᠲᠣᠭᠲᠠᠭᠠᠯ ᠢ ᠵᠠᠰᠠᠭ ᠤᠨ ᠭᠠᠵᠠᠷ ᠬᠡᠷᠡᠭᠵᠢᠭᠦᠯᠵᠦ ᠪᠠᠶᠢᠨ᠎ᠠ ᠭᠡᠵᠦ ᠭᠡᠰᠡᠨ
– ᠤᠯᠤᠰ ᠤᠨ ᠶᠡᠬᠡ ᠬᠤᠷᠠᠯ ᠦᠨ 23 ᠳ᠋ᠤᠭᠠᠷ ᠲᠣᠭᠲᠠᠭᠠᠯ ᠳᠥᠷᠪᠡᠨ ᠵᠢᠭᠠᠯᠲᠠ ᠲᠠᠢ᠃ ᠬᠡᠷᠪᠡ 49 ᠬᠤᠪᠢ ᠶᠢ ᠠᠪᠬᠤ ᠭᠡᠵᠦ ᠪᠠᠶᠢᠭ᠎ᠠ ᠪᠣᠯ ︽ᠮᠣᠩᠭᠣᠯ ᠤᠨ ᠵᠡᠰ︾ ᠲᠠᠢ ᠬᠡᠯᠡᠴᠡᠯ ᠬᠢᠬᠦ ᠵᠠᠮ ᠢᠶᠠᠷ ᠯᠠ ᠠᠪ ᠭᠡᠵᠦ ᠵᠢᠭᠠᠭᠰᠠᠨ ᠰᠢᠦ ᠳ᠋ᠡ ᠃ ᠭᠡᠲᠡᠯ᠎ᠡ ᠶᠠᠭᠤᠨ ᠬᠡᠯᠡᠴᠡᠯ ᠬᠢᠬᠦ᠂ ᠤᠯᠤᠰ ᠤᠨ ᠶᠡᠬᠡ ᠬᠤᠷᠠᠯ ᠤᠨ ᠲᠤᠭᠲᠠᠭᠠᠯ ᠢᠶᠠᠨ ᠵᠥᠷᠢᠴᠡᠭᠰᠡᠨ᠂ ᠴᠢᠨᠠᠭᠰᠢᠯᠠᠭᠠᠳ ᠦᠨᠳᠦᠰᠦᠨ ᠬᠠᠤᠯᠢ᠂ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠲᠤᠬᠠᠢ ᠬᠠᠤᠯᠢ ᠭᠡᠳ ᠪᠤᠰᠤᠳ ᠮᠠᠰᠢ ᠣᠯᠠᠨ ᠬᠠᠤᠯᠢ ᠶᠢ ᠵᠥᠷᠢᠴᠡᠭᠰᠡᠨ ᠰᠢᠢᠳᠪᠦᠷᠢ ᠵᠠᠰᠠᠭ ᠤᠨ ᠭᠠᠵᠠᠷ ᠭᠠᠷᠭᠠᠯ᠎ᠠ᠃
– ᠬᠡᠷᠪᠡ ᠣᠷᠣᠰ ᠤᠨ ᠡᠵᠡᠮᠰᠢᠯ ᠳᠦ ᠪᠤᠴᠠᠯ᠎ᠠ ᠭᠡᠬᠦ ᠳᠦ ᠤᠯᠤᠰ ᠤᠨ ᠦᠢᠯᠡᠳᠪᠦᠷᠢ ᠶᠢᠨ ᠭᠠᠵᠠᠷ ᠪᠣᠯᠭᠠᠬᠤ᠂ ᠤᠳᠤᠷᠢᠳᠤᠯᠭ᠎ᠠ ᠶᠢ ᠰᠢᠭᠤᠳ ᠲᠤᠮᠢᠯᠠᠬᠤ ᠵᠡᠷᠭᠡ ᠭᠠᠷᠭᠠᠭᠰᠠᠨ ᠰᠢᠢᠳᠪᠦᠷᠢ ᠨᠢ ᠬᠡᠷᠡᠭᠵᠢᠬᠦ ᠡᠷᠬᠡ ᠵᠦᠢ ᠶᠢᠨ ᠴᠢᠳᠠᠮᠵᠢ ᠮᠣᠩᠭᠣᠯ ᠤᠨ ᠵᠠᠰᠠᠭ ᠤᠨ ᠭᠠᠵᠠᠷ ᠲᠤ ᠪᠠᠶᠢᠬᠤ ᠤᠤ︖
– ᠬᠠᠤᠯᠢ ᠵᠦᠢ ᠶᠢᠨ ᠬᠤᠪᠢ ᠳᠤ ᠡᠶᠢᠮᠦ ᠲᠣᠳᠣᠷᠬᠠᠢ ᠦᠭᠡᠢ ᠨᠥᠬᠥᠴᠡᠯ ᠪᠠᠶᠢᠳᠠᠯ ᠡᠭᠦᠰᠴᠢᠬᠡᠯᠡ᠃ ᠬᠡᠯᠡᠴᠡᠯ ᠬᠢᠭᠡ ᠦᠭᠡᠢ᠂ ᠶᠠᠭᠠᠬᠢᠭᠠᠳ ᠬᠢᠭᠡ ᠦᠭᠡᠢ ᠪᠤᠢ ᠭᠡᠳᠡᠭ ᠠᠰᠠᠭᠤᠳᠠᠯ ᠢᠶᠠᠷ ᠰᠢᠭᠦᠬᠦ ᠳᠡᠭᠡᠷ᠎ᠡ ᠮᠠᠷᠭᠤᠭᠠᠨ ᠡᠭᠦᠰᠦᠭᠰᠡᠨ ᠃ 23 ᠳ᠋ᠤᠭᠠᠷ ᠲᠤᠭᠲᠠᠭᠠᠯ ᠢ ᠲᠡᠳᠡ ᠵᠥᠷᠢᠴᠡᠭᠰᠡᠨ ᠤᠴᠢᠷ ᠠᠴᠠ ᠰᠢᠭᠦᠬᠦ ᠪᠢᠳᠡᠨ ᠢ 49 ᠬᠤᠪᠢ ᠶᠢᠨ ᠬᠤᠪᠢᠴᠠᠭ᠎ᠠ ᠡᠵᠡᠮᠰᠢᠭᠴᠢ ᠮᠥᠨ ᠭᠡᠵᠦ ᠲᠣᠭᠲᠠᠭᠠᠭᠰᠠᠨ᠃ ᠮᠠᠨ ᠤ ᠺᠣᠮᠫᠠᠨᠢ ᠡᠷᠬᠡ ᠠᠰᠢᠭ ᠢᠶᠠᠨ ᠬᠠᠮᠠᠭᠠᠯᠠᠭᠤᠯᠬᠤ ᠪᠠᠷ ᠠᠷᠪᠢᠲ᠋ᠧᠷ ᠤᠨ ᠰᠢᠭᠦᠬᠦ ᠳᠦ ᠬᠠᠨᠳᠤᠬᠤ ᠪᠠᠷ ᠮᠠᠲ᠋ᠧᠷᠢᠶᠠᠯ ᠢᠶᠠᠨ ᠪᠡᠯᠡᠳᠴᠢᠬᠡᠭᠰᠡᠨ ᠃ ᠥᠨᠥᠳᠥᠷ ᠦᠨ ᠪᠣᠯᠵᠤ ᠪᠠᠶᠢᠭ᠎ᠠ ᠫᠷᠣᠼᠧᠰᠰ ᠪᠣᠯᠭᠠᠨ ᠨᠤᠲᠠᠯᠠᠬᠤ ᠪᠠᠷᠢᠮᠲᠠ ᠪᠤᠯᠤᠨ᠎ᠠ᠃
– ᠼ∙ᠨᠢᠮᠠᠳᠣᠷᠵᠢ ᠰᠠᠶᠢᠳ ᠬᠢᠭᠰᠡᠨ ᠮᠡᠳᠡᠭᠯᠡᠯ ᠳᠦ ᠪᠡᠨ ᠤᠯᠤᠰ ᠤᠨ ᠮᠥᠩᠭᠥ ᠪᠡᠷ ᠠᠪᠤᠭᠰᠠᠨ ᠭᠡᠵᠦ ᠳᠠᠪᠲᠠᠨ ᠬᠡᠯᠡᠭᠰᠡᠨ᠃ ᠬᠠᠷᠢᠨ ᠡᠨᠡ ᠬᠡᠷᠡᠭ ᠳᠡᠭᠡᠷ᠎ᠡ ᠮᠥᠷᠳᠡᠨ ᠰᠢᠯᠭᠠᠬᠤ ᠠᠵᠢᠯᠯᠠᠭ᠎ᠠ ᠶᠠᠪᠤᠭᠳᠠᠵᠤ ᠪᠠᠶᠢᠭ᠎ᠠ ᠭᠡᠵᠦ ᠣᠶᠢᠯᠠᠭᠠᠭᠠᠳ ᠪᠠᠶᠢᠭ᠎ᠠ ᠃ ᠡᠰᠡᠪᠡᠯ ᠬᠡᠷᠡᠭ ᠢ ᠰᠢᠯᠭᠠᠵᠤ ᠳᠠᠭᠤᠰᠤᠭᠠᠳ ᠰᠢᠭᠦᠬᠦ ᠪᠡᠷ ᠲᠣᠭᠲᠠᠭᠠᠴᠢᠬᠠᠭᠰᠠᠨ ᠶᠤᠮ ᠤᠤ ︖
– ᠥᠨᠥᠳᠥᠷ ᠬᠠᠤᠯᠢ ᠶᠢᠨ ᠪᠠᠶᠢᠭᠤᠯᠤᠯᠭ᠎ᠠ ᠪᠠᠷ ᠪᠤᠷᠤᠭᠤ ᠲᠠᠢ ᠡᠰᠡᠬᠦ ᠶᠢ ᠡᠴᠦᠰᠯᠡᠨ ᠰᠢᠢᠳᠦᠭᠡ ᠦᠭᠡᠢ ᠪᠠᠶᠢᠬᠤ ᠳᠤ ᠭᠡᠮ ᠪᠤᠷᠤᠭᠤ ᠲᠠᠢ ᠮᠡᠲᠦ ᠪᠡᠷ ᠦᠵᠡᠬᠦ ᠶᠢ ᠬᠣᠷᠢᠭᠯᠠᠳᠠᠭ ᠬᠠᠤᠯᠢ ᠶᠢᠨ ᠣᠷᠴᠢᠨ ᠮᠣᠩᠭᠣᠯ ᠤᠯᠤᠰ ᠲᠤ ᠦᠢᠯᠡᠴᠢᠯᠡᠳᠡᠭ ᠭᠡᠵᠦ ᠣᠶᠢᠯᠠᠭᠠᠳᠠᠭ ᠃ ᠭᠡᠲᠡᠯ᠎ᠡ ᠤᠯᠤᠰ ᠲᠦᠷᠦᠴᠢᠳ ᠬᠤᠪᠢ ᠬᠦᠮᠦᠨ᠂ ᠺᠣᠮᠫᠠᠨᠢ ᠶᠢ ᠣᠯᠠᠨ ᠨᠡᠶᠢᠲᠡ ᠶᠢᠨ ᠮᠡᠳᠡᠭᠡᠯᠡᠯ ᠦᠨ ᠬᠡᠷᠡᠭᠰᠡᠯ ᠢᠶᠡᠷ ᠪᠤᠷᠤᠭᠤᠳᠬᠠᠵᠤ᠂ ᠶᠠᠯᠠᠯᠠᠳᠠᠭ᠂ ᠰᠢᠭᠦᠬᠦ᠂ ᠫᠷᠣᠺᠦ᠋ᠷᠣᠷ ᠤᠨ ᠪᠠᠶᠢᠭᠤᠯᠤᠯᠭ᠎ᠠ ᠳᠤ ᠨᠥᠯᠥᠭᠡᠯᠡᠬᠦ ᠶᠢ ᠣᠷᠣᠯᠳᠤᠳᠠᠭ ᠪᠠᠶᠢᠳᠠᠯ ᠬᠠᠷᠠᠭᠳᠠᠵᠤ ᠪᠠᠶᠢᠨ᠎ᠠ ᠃ ᠢᠯᠠᠩᠭᠤᠶ᠎ᠠ ᠠᠷᠠᠳᠴᠢᠯᠠᠭᠰᠠᠨ ᠦᠨᠳᠦᠰᠦᠨ ᠬᠠᠤᠯᠢ ᠪᠠᠨ ᠪᠠᠲᠤᠯᠠᠯᠴᠠᠭᠰᠠᠨ ᠲᠤᠷᠰᠢᠯᠭ᠎ᠠ ᠲᠠᠢ ᠬᠠᠤᠯᠢᠴᠢ ᠡᠶᠢᠮᠦ ᠮᠡᠳᠡᠭᠳᠡᠯ ᠬᠢᠭᠰᠡᠨ ᠳᠦ ᠬᠠᠷᠠᠮᠰᠠᠵᠤ ᠪᠠᠶᠢᠨ᠎ᠠ᠃
-ᠼ∙ᠨᠢᠮᠠᠳᠣᠷᠵᠢ ᠰᠠᠶᠢᠳ ᠥᠪᠡᠷ ᠢᠶᠡᠨ ᠡᠷᠳᠡᠨᠢᠲᠦ ᠳᠦ ᠬᠦᠦ ᠪᠡᠷ ᠢᠶᠡᠨ ᠰᠢᠬᠠᠭ᠎ᠠ ᠬᠢᠯᠭᠡᠭᠰᠡᠨ ᠢᠶᠡᠨ ᠵᠠᠷᠯᠠᠵᠤ ᠪᠠᠶᠢᠭᠰᠠᠨ ᠃ ᠣᠳᠣ ᠤᠯᠤᠰ ᠲᠦᠷᠦᠴᠢᠳ ᠦᠨ ᠰᠢᠬᠠᠭ᠎ᠠ ᠶᠠᠮᠠᠷ ᠴᠤ ᠬᠢᠨᠠᠯᠲᠠ ᠦᠭᠡᠢ ᠶᠠᠪᠤᠨ᠎ᠠ ᠪᠠᠶᠢᠬᠤ ︖
– ᠪᠢ ᠨᠢᠭᠡ ᠲᠣᠭ᠎ᠠ ᠬᠡᠯᠡᠶ᠎ᠡ ᠃ 2016 ᠣᠨ ᠳᠤ ᠪᠢᠳᠡᠨ ᠢ ᠬᠤᠪᠢᠴᠠᠭ᠎ᠠ ᠡᠵᠡᠮᠰᠢᠭᠴᠢ ᠪᠣᠯᠵᠤ ᠣᠴᠢᠬᠤ ᠳᠤ ᠶᠡᠷᠦ ᠳᠡᠭᠡᠨ ᠭᠠᠭᠴᠠᠬᠠᠨ ᠰᠢᠷᠬᠡᠭ ᠲᠧᠨᠳᠧᠷ ᠵᠠᠷᠯᠠᠭᠳᠠᠭᠰᠠᠨ ᠪᠠᠶᠢᠭᠰᠠᠨ᠃ 2017 ᠣᠨ ᠳᠤ 370 ᠣᠷᠴᠢᠮ ᠲᠧᠨᠳᠧᠷ ᠵᠠᠷᠯᠠᠭᠳᠠᠵᠤ᠂ 2018 ᠣᠨ ᠳᠤ ᠪᠦᠷ 700 ᠭᠠᠷᠤᠢ ᠪᠣᠯᠵᠤ ᠢᠷᠡᠭᠰᠡᠨ᠃ ᠡᠨᠡ ᠪᠣᠯ ᠺᠣᠮᠫᠠᠨᠢ ᠶᠢᠨ ᠰᠠᠶᠢᠨ ᠵᠠᠰᠠᠭᠯᠠᠯ ᠤᠨ ᠬᠡᠯᠪᠡᠷᠢ ᠃ ᠣᠳᠣ ᠣᠨᠴᠠᠭᠠᠢ ᠳᠢᠭᠯᠢᠮ ᠨᠡᠷ᠎ᠡ ᠶᠢᠨ ᠳᠣᠣᠷ᠎ᠠ ᠲᠥᠯᠥᠭᠡᠯᠡᠨ ᠤᠳᠤᠷᠢᠳᠬᠤ ᠵᠥᠪᠯᠡᠯ ᠦᠨ ᠬᠢᠨᠠᠯᠲᠠ ᠦᠭᠡᠢ ᠪᠣᠯᠵᠤ᠂ ᠥᠪᠡᠷᠰᠡᠳ ᠦᠨ ᠬᠦᠮᠦᠨ ᠢᠶᠡᠨ ᠵᠠᠬᠢᠷᠤᠯ ᠢᠶᠠᠷ ᠲᠣᠮᠢᠯᠠᠭᠤᠯᠤᠨ᠎ᠠ ᠭᠡᠬᠦ ᠪᠡᠷ ᠶᠠᠭᠤ ᠪᠣᠯᠬᠤ ᠶᠢ ᠪᠢ ᠬᠡᠯᠡᠬᠦ ᠴᠤ ᠬᠡᠷᠡᠭ ᠦᠭᠡᠢ᠂ ᠪᠦᠭᠦᠳᠡ ᠮᠡᠳᠡᠵᠦ ᠪᠠᠶᠢᠭ᠎ᠠ ᠪᠢᠵᠡ ᠳ᠋ᠡ᠃