ᠡᠷᠡᠭᠦᠳᠡᠨ ᠰᠢᠭᠦᠭᠰᠡᠨ ᠠᠰᠠᠭᠤᠳᠠᠯ ᠢ ᠶᠡᠬᠡ ᠬᠤᠷᠠᠯ  ᠳᠦ ᠬᠡᠯᠡᠯᠴᠡᠬᠦ ᠬᠡᠷᠡᠭᠲᠡᠢ | News.MN

ᠡᠷᠡᠭᠦᠳᠡᠨ ᠰᠢᠭᠦᠭᠰᠡᠨ ᠠᠰᠠᠭᠤᠳᠠᠯ ᠢ ᠶᠡᠬᠡ ᠬᠤᠷᠠᠯ  ᠳᠦ ᠬᠡᠯᠡᠯᠴᠡᠬᠦ ᠬᠡᠷᠡᠭᠲᠡᠢ

ᠤᠯᠤᠰ ᠤᠨ ᠶᠡᠬᠡ ᠬᠤᠷᠠᠯ ᠳ᠋ᠡᠬᠢ  ᠮᠤᠩᠭᠤᠯ ᠠᠷᠠᠳ ᠤᠨ ᠨᠠᠮ ᠤᠨ ᠪᠦᠯᠦᠭ  ᠰ ∙ ᠵᠣᠷᠢᠭ ᠠᠭᠰᠠᠨ ᠤ ᠬᠡᠷᠡᠭ ᠦᠨ  ᠠᠰᠠᠭᠤᠳᠠᠯ ᠢᠶᠠᠷ  ᠬᠤᠷᠠᠯᠳᠤᠪᠠ ᠃ ᠬᠤᠷᠠᠯᠳᠤᠭᠠᠨ ᠤ ᠦᠶ᠎ᠡ ᠪᠡᠷ ᠲᠥᠷᠥ ᠶᠢᠨ ᠣᠷᠳᠣᠨ ᠤB ᠲᠠᠩᠬᠢᠮ ᠠᠴᠠ ᠭᠠᠷᠴᠤ ᠢᠷᠡᠭᠰᠡᠨ ᠵ ∙ ᠪᠠᠲᠤ-ᠡᠷᠳᠡᠨᠢ ᠡᠴᠡ ᠰᠡᠳᠬᠦᠯᠴᠢᠳ ᠠᠰᠠᠭᠤᠯᠲᠠ ᠠᠰᠠᠭᠤᠵᠤ᠂ ᠪᠠᠶᠢᠷᠢ ᠰᠠᠭᠤᠷᠢ ᠶᠢ ᠨᠢ ᠰᠣᠨᠣᠰᠤᠯ᠎ᠠ᠃ ᠲᠡᠷᠡ ᠪᠡᠷ ᠄ ᠪ∙ᠰᠤᠳᠨᠠᠮᠳᠠᠷᠵᠠ᠂ ᠲ∙ᠴᠢᠮᠡᠭ ᠨᠠᠷ ᠢ ᠡᠷᠡᠭᠦᠳᠡᠨ ᠰᠢᠭᠦᠭᠰᠡᠨ ᠭᠡᠬᠦ ᠪᠢᠴᠢᠯᠭᠡ ᠶᠢ ᠣᠯᠠᠨ ᠨᠡᠶᠢᠲᠡ ᠳᠦ ᠢᠯᠡ ᠪᠣᠯᠭᠠᠵᠤ ᠵᠠᠳᠠᠯᠬᠤ ᠬᠡᠷᠡᠭᠲᠡᠢ ᠰᠢᠦ ᠳ᠋ᠡ᠃ ᠡᠨᠡ ᠲᠠᠯ᠎ᠠ ᠪᠠᠷ ᠬᠠᠤᠯᠢ ᠵᠦᠢ ᠳᠣᠲᠣᠭᠠᠳᠤ ᠬᠡᠷᠡᠭ ᠦᠨ ᠰᠠᠶᠢᠳ ᠼ∙ᠨᠢᠮᠠᠳᠣᠷᠵᠢ ᠮᠡᠳᠡᠭᠡᠯᠡᠯ ᠥᠭᠭᠦᠭᠰᠡᠨ᠃ ᠡᠨᠡ ᠳᠠᠭᠠᠤ ᠤᠯᠤᠰ ᠤᠨ ᠶᠡᠬᠡ ᠬᠤᠷᠠᠯ ᠤᠨ ᠲᠦᠪᠰᠢᠨ ᠳᠦ ᠠᠪᠴᠤ ᠬᠡᠯᠡᠯᠴᠡᠬᠦ ᠨᠢ ᠵᠦᠢᠲᠡᠢ ᠭᠡᠵᠦ ᠪᠣᠳᠣᠵᠤ ᠪᠠᠶᠢᠨ᠎ᠠ᠃ ᠦᠨᠡᠬᠡᠷ ᠬᠦᠮᠦᠨ ᠢ ᠬᠡᠯᠮᠡᠭᠳᠡᠭᠦᠯᠦᠭᠰᠡᠨ᠂ ᠬᠠᠤᠯᠢ ᠶᠢᠨ  ᠪᠠᠶᠢᠭᠤᠯᠤᠯᠭ᠎ᠠ ᠶᠢᠨ ᠢᠯᠵᠠᠷᠠᠯ ᠪᠤᠢ ᠪᠣᠯᠤᠭᠰᠠᠨ ᠪᠣᠯ ᠡᠭᠦᠨ ᠢ ᠵᠠᠳᠠᠯᠬᠤ᠂ ᠨᠡᠶᠢᠭᠡᠮ ᠳᠦ ᠢᠯᠡ ᠲᠣᠳᠣ ᠪᠣᠯᠭᠠᠬᠤ ᠬᠡᠷᠡᠭᠲᠡᠢ᠃ ᠡᠭᠦᠨ ᠳᠡᠭᠡᠷ᠎ᠡ ᠮᠤᠩᠭᠤᠯ ᠠᠷᠠᠳ ᠤᠨ ᠨᠠᠮ ᠍ ᠤᠨ ᠪᠦᠯᠦᠭ ᠦᠨ ᠭᠡᠰᠢᠭᠦᠳ ᠰᠠᠨᠠᠯ ᠨᠢᠭᠡ ᠪᠠᠶᠢᠭ᠎ᠠ ᠬᠡᠮᠡᠯ᠎ᠡ᠃

ᠰᠡᠳᠬᠢᠭᠳᠡᠯ ᠦᠯᠡᠳᠡᠭᠡᠬᠦ