ᠠᠷᠠᠳᠴᠢᠯᠠᠭᠰᠠᠨ ᠨᠠᠮ ᠤᠨ ᠬᠢᠨ ᠮᠡᠳᠡᠭᠡᠯᠡᠯ ᠬᠢᠯ᠎ᠡ | News.MN

ᠠᠷᠠᠳᠴᠢᠯᠠᠭᠰᠠᠨ ᠨᠠᠮ ᠤᠨ ᠬᠢᠨ ᠮᠡᠳᠡᠭᠡᠯᠡᠯ ᠬᠢᠯ᠎ᠡ

ᠥᠨᠥᠳᠥᠷ ᠠᠷᠠᠳᠴᠢᠯᠠᠭᠰᠠᠨ ᠨᠠᠮ ᠤᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠼ∙ᠲᠤᠪᠠᠨ᠂ ᠨᠠᠷᠢᠨ ᠪᠢᠴᠢᠭ ᠦᠨ ᠳᠠᠷᠤᠭ᠎ᠠ ᠣ᠊∙ᠮᠠᠩᠨᠠᠢ᠂ ᠤᠯᠤᠰ ᠤᠨ ᠶᠡᠬᠡ ᠬᠤᠷᠠᠯ ᠤᠨ ᠭᠡᠰᠢᠭᠦᠨ᠂ ᠠᠷᠠᠳᠴᠢᠯᠠᠭᠰᠠᠨ ᠨᠠᠮ ᠤᠨ ᠳᠡᠳ᠋ ᠳᠠᠷᠤᠭ᠎ᠠ ᠪ∙ᠫᠦᠷᠪᠦᠳᠣᠷᠵᠢ ᠨᠠᠷ ᠴᠠᠭ ᠦᠶ᠎ᠡ ᠶᠢᠨ ᠠᠰᠠᠭᠤᠳᠠᠯ ᠢᠶᠠᠷ ᠮᠡᠳᠡᠭᠡᠯᠡᠯ ᠬᠢᠯ᠎ᠡ᠃
ᠪ∙ᠫᠦᠷᠪᠦᠳᠣᠷᠵᠢ᠄  ᠮᠤᠩᠭᠤᠯ  ᠠᠷᠠᠳ  ᠤᠨ  ᠨᠠᠮ ᠥᠩᠭᠡᠷᠡᠭᠰᠡᠨ ᠭᠤᠷᠪᠠᠨ ᠵᠢᠯ ᠦᠨ ᠬᠤᠭᠤᠴᠠᠭᠠᠨ ᠳᠤ ᠬᠣᠭᠣᠷᠣᠨᠳᠣ ᠶᠢᠨ ᠲᠡᠮᠡᠴᠡᠯ᠂ ᠵᠣᠳᠣᠭᠠᠨ ᠠᠴᠠ ᠥᠭᠡᠷ᠎ᠡ ᠣᠯᠢᠭᠲᠠᠢ ᠠᠵᠢᠯ ᠬᠢᠭᠰᠡᠨ ᠦᠭᠡᠢ᠃ ᠡᠨᠡ ᠬᠤᠭᠤᠴᠠᠭᠠᠨ ᠳᠤ ᠤᠯᠤᠰ ᠡᠬᠡ ᠣᠷᠣᠨ ᠤ ᠡᠳ᠋ ᠍ ᠦᠨ ᠵᠠᠰᠠᠭ ᠥᠰᠦᠯᠲᠡ ᠲᠡᠢ ᠂ ᠠᠵᠠ ᠪᠠᠷ ᠶᠠᠮᠠᠷ ᠨᠢᠭᠡᠨ ᠬᠣᠬᠢᠷᠠᠯ ᠦᠭᠡᠢ ᠪᠠᠶᠢᠭᠰᠠᠨ᠃ ᠡᠶᠢᠮᠦ ᠦᠶ᠎ᠡ ᠳᠦ ᠳᠣᠲᠣᠭᠠᠳᠤ ᠶᠢᠨ ᠵᠥᠷᠢᠴᠡᠯ ᠲᠡᠮᠡᠴᠡᠯ ᠳᠦ ᠪᠡᠨ ᠠᠩᠬᠠᠷᠤᠯ ᠢᠶᠠᠨ ᠬᠠᠨᠳᠤᠭᠤᠯᠵᠤ ᠬᠤᠭᠤᠴᠠᠭ᠎ᠠ ᠠᠯᠳᠠᠭᠰᠠᠨ᠃ ᠤᠳᠠᠬᠤ ᠦᠭᠡᠢ ᠵᠣᠬᠢᠶᠠᠨ ᠪᠠᠶᠢᠭᠤᠯᠬᠤ ᠵᠢᠭᠰᠠᠭᠠᠯ ᠢᠶᠠᠷ ᠢᠶᠠᠨ ᠪᠢᠳᠡ᠂  ᠮᠤᠩᠭᠤᠯ ᠠᠷᠠᠳ ᠤᠨ ᠨᠠᠮ  2016 ᠣᠨ ᠤ ᠰᠣᠩᠭᠣᠭᠤᠯᠢ  ᠶᠢᠨ ᠠᠮᠠᠯᠠᠯᠲᠠ ᠨᠤᠭᠤᠳ ᠢᠶᠠᠨ ᠪᠡᠶᠡᠯᠡᠭᠦᠯᠬᠦ ᠶᠢ ᠱᠠᠭᠠᠷᠳᠠᠨ᠎ᠠ᠃
ᠵᠢᠵᠢᠭ ᠳᠤᠮᠳᠠ ᠦᠢᠯᠡᠳᠪᠤᠷᠢᠯᠡᠯ ᠢ ᠬᠦᠭᠵᠢᠭᠦᠯᠬᠦ ᠰᠠᠩ  ᠦᠨ ᠵᠢᠭᠡᠯᠡ ᠶᠢᠨ ᠠᠰᠠᠭᠤᠳᠠᠯ ᠳᠤ ᠬᠠᠷᠢᠭᠤᠴᠠᠯᠭ᠎ᠠ ᠲᠣᠭᠠᠴᠠᠬᠤ ᠶᠢ ᠱᠠᠭᠠᠷᠳᠠᠨ᠎ᠠ ᠃ 100 ᠵᠢᠯ ᠦᠨ ᠡᠮᠦᠨ᠎ᠡ ᠤᠷᠪᠠᠭᠠᠴᠢ ᠰᠢᠷᠪᠠᠭᠠᠴᠢ ᠨᠣᠶᠠᠳ ᠤᠨ ᠪᠤᠷᠤᠭᠤ ᠠᠴᠠ ᠮᠠᠨ ᠤ ᠤᠯᠤᠰ ᠡᠷᠬᠡ ᠴᠢᠯᠦᠭᠡ ᠪᠡᠨ ᠠᠯᠳᠠᠵᠤ ᠪᠠᠶᠢᠭᠰᠠᠨ᠃ ᠶᠠᠭ ᠡᠨᠡ 100 ᠵᠢᠯ ᠦᠨ ᠪᠤᠱᠤᠭᠠᠨ ᠳᠡᠭᠡᠷ᠎ᠡ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠳᠤ ᠡᠯᠰᠡᠬᠦ ᠨᠡᠷᠡᠶᠢᠳᠦᠯ ᠢᠶᠡᠷ ᠪᠢᠳᠡᠨ ᠦ ᠲᠤᠰᠠᠭᠠᠷ ᠲᠣᠭᠲᠠᠨᠢᠯ ᠡᠷᠬᠡ ᠴᠢᠯᠦᠭᠡ ᠶᠢ ᠠᠯᠳᠠᠬᠤ ᠲᠣᠮᠣᠬᠠᠨ ᠠᠰᠠᠭᠤᠳᠠᠯ ᠡᠭᠦᠰᠬᠦ ᠭᠡᠵᠦ ᠪᠠᠶᠢᠨ᠎ᠠ᠃ ᠡᠳᠡᠭᠡᠷ ᠠᠰᠠᠭᠤᠳᠠᠯ ᠢᠶᠠᠷ ᠬᠠᠷᠢᠭᠤᠴᠠᠯᠭ᠎ᠠ ᠨᠡᠬᠡᠨ᠎ᠡ᠃
ᠣ᠊∙ᠮᠠᠩᠯᠠᠢ᠄ ᠳᠥᠷᠪᠡᠳᠦᠭᠡᠷ ᠰᠠᠷ᠎ᠠ ᠶᠢᠨ 05 ᠍ ᠤ ᠡᠳᠦᠷ  ᠠᠷᠠᠳᠴᠢᠯᠠᠭᠰᠠᠨ ᠨᠠᠮ ᠵᠢᠭᠰᠠᠭᠠᠯ ᠵᠣᠬᠢᠶᠠᠨ ᠪᠠᠶᠢᠭᠤᠯᠬᠤ ᠭᠡᠵᠦ ᠪᠠᠶᠢᠨ᠎ᠠ᠃ ᠵᠢᠭᠰᠠᠭᠠᠯ ᠢᠶᠠᠷ ᠬᠡᠳᠦ ᠬᠡᠳᠦᠨ ᠲᠣᠳᠣᠷᠬᠠᠢ ᠠᠰᠠᠭᠤᠳᠠᠯ ᠢ ᠬᠥᠨᠳᠡᠵᠦ᠂ ᠲᠡᠮᠡᠴᠡᠨ᠎ᠡ᠃ ᠵᠢᠵᠢᠭ ᠳᠤᠮᠳᠠ ᠦᠢᠯᠡᠳᠪᠤᠷᠢᠯᠡᠯ ᠢ ᠬᠦᠭᠵᠢᠭᠦᠯᠬᠦ ᠰᠠᠩ ᠠᠴᠠ ᠵᠢᠭᠡᠯᠡ ᠠᠪᠤᠭᠰᠠᠨ ᠠᠰᠠᠭᠤᠳᠠᠯ ᠢ ᠡᠷᠬᠡ ᠪᠠᠷᠢᠭᠴᠢᠳ ᠬᠡᠷᠬᠢᠨ ᠶᠠᠭᠠᠬᠢᠵᠤ ᠬᠠᠮᠠᠭᠠᠯᠠᠵᠤ ᠪᠠᠶᠢᠭ᠎ᠠ ᠶᠢ ᠲᠠ ᠪᠦᠬᠦᠨ ᠬᠠᠷᠠᠵᠤ ᠪᠠᠶᠢᠨ᠎ᠠ᠃ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠳᠦ ᠡᠯᠰᠡᠬᠦ ᠶᠢ ᠳᠡᠮᠵᠢᠵᠦ ᠪᠠᠶᠢᠭ᠎ᠠ ᠭᠡᠰᠢᠭᠦᠳ᠂ ᠵᠢᠵᠢᠭ ᠳᠤᠮᠳᠠ ᠦᠢᠯᠡᠳᠪᠤᠷᠢᠯᠡᠯ ᠢ ᠬᠦᠭᠵᠢᠭᠦᠯᠬᠦ ᠰᠠᠩ ᠍ ᠠᠴᠠ ᠵᠢᠭᠡᠯᠡ ᠠᠪᠤᠭᠰᠠᠨ ᠭᠡᠰᠢᠭᠦᠳ ᠶᠠᠭ ᠲᠠᠭᠠᠷᠠᠵᠤ ᠪᠠᠶᠢᠨ᠎ᠠ᠃ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠳᠦ ᠡᠯᠰᠡᠬᠦ ᠶᠢ ᠳᠡᠮᠵᠢᠵᠦ ᠪᠠᠶᠢᠷᠢ ᠰᠠᠭᠤᠷᠢ ᠪᠠᠨ ᠢᠯᠡᠷᠬᠡᠶᠢᠯᠡᠭᠰᠡᠨ ᠭᠡᠰᠢᠭᠦᠳ ᠦᠨ ᠨᠡᠷᠡᠰ ᠨᠠᠳᠠ ᠳᠤ ᠪᠤᠢ᠃
ᠤᠯᠤᠰ ᠤᠨ ᠶᠡᠬᠡ ᠬᠤᠷᠠᠯ ᠤᠨ ᠭᠡᠰᠢᠭᠦᠨ ᠬ∙ᠪᠣᠯᠣᠷᠴᠢᠯᠠᠭᠤᠨ᠂ ᠰᠠᠶᠢᠳ ᠳ∙ᠰᠤᠮᠢᠶᠠᠪᠠᠽᠠᠷ᠂ ᠤᠯᠤᠰ ᠤᠨ ᠶᠡᠬᠡ ᠬᠤᠷᠠᠯ  ᠤᠨ ᠭᠡᠰᠢᠭᠦᠨ ᠯ∙ᠪᠣᠯᠣᠳ᠂ ᠶ∙ᠰᠤᠳᠤᠪᠠᠭᠠᠲᠤᠷ ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠯ∙ᠣᠶᠤᠨ-ᠡᠷᠳᠡᠨᠢ᠂  ᠮᠤᠩᠭᠤᠯ ᠠᠷᠠᠳ ᠤᠨ ᠨᠠᠮ ᠤᠨ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠠᠮᠤᠷᠪᠠᠶᠠᠰᠬᠤᠯᠠᠩ᠂ ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ᠂ ᠤᠯᠤᠰ ᠤᠨ ᠶᠡᠬᠡ ᠬᠤᠷᠠᠯ ᠤᠨ ᠳᠠᠷᠤᠭ᠎ᠠ  ᠽᠠᠨᠳᠠᠨᠰᠢᠲᠠᠷ᠎ᠠ ᠵᠡᠷᠭᠡ ᠬᠦᠮᠦᠰ ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠶᠢᠭᠤᠯᠤᠯᠭ᠎ᠠ ᠳᠦ ᠡᠯᠰᠡᠬᠦ ᠶᠢ ᠳᠡᠮᠵᠢᠵᠦ ᠪᠠᠶᠢᠷᠢ ᠰᠠᠭᠤᠷᠢ ᠪᠠᠨ ᠢᠯᠡᠷᠬᠡᠶᠢᠯᠡᠭᠰᠡᠨ ᠪᠠᠶᠢᠳᠠᠭ ᠬᠡᠮᠡᠨ ᠶᠠᠷᠢᠯ᠎ᠠ᠃

ᠰᠡᠳᠬᠢᠭᠳᠡᠯ ᠦᠯᠡᠳᠡᠭᠡᠬᠦ