ᠰᠡᠳᠬᠢᠴᠡ ᠶᠢᠨ ᠡᠷᠡᠭᠦᠯ ᠮᠡᠨᠳᠦ ᠶᠢᠨ 1800-2000 ᠤᠲᠠᠰᠤ  ᠠᠵᠢᠯᠯᠠᠯ᠎ᠠ | News.MN

ᠰᠡᠳᠬᠢᠴᠡ ᠶᠢᠨ ᠡᠷᠡᠭᠦᠯ ᠮᠡᠨᠳᠦ ᠶᠢᠨ 1800-2000 ᠤᠲᠠᠰᠤ  ᠠᠵᠢᠯᠯᠠᠯ᠎ᠠ

 

ᠮᠣᠩᠭᠣᠯ ᠳᠤ ᠠᠩᠬ᠎ᠠ ᠤᠳᠠᠭ᠎ᠠ ᠰᠡᠳᠬᠢᠴᠡ ᠶᠢᠨ ᠡᠷᠡᠭᠦᠯ ᠮᠡᠨᠳᠦ ᠶᠢᠨ ᠴᠢᠭᠯᠡᠯ ᠢᠶᠡᠷ 24 ᠴᠠᠭ ᠢᠶᠠᠷ ᠮᠡᠳᠡᠭᠡᠯᠡᠯ ᠥᠭᠬᠦ 1800-2000 ᠤᠲᠠᠰᠤᠨ ᠤ ᠨᠡᠭᠡᠭᠡᠯᠲᠡ ᠥᠨᠥᠳᠥᠷ ᠰᠡᠳᠬᠢᠴᠡ ᠶᠢᠨ ᠡᠷᠡᠭᠦᠯ ᠮᠡᠨᠳᠦ ᠶᠢᠨ ᠦᠨᠳᠦᠰᠦᠨ ᠦ ᠲᠥᠪ ᠳᠡᠭᠡᠷ᠎ᠡ ᠪᠣᠯᠤᠯ᠎ᠠ᠃ ᠡᠨᠡᠬᠦ ᠤᠲᠠᠰᠤ ᠶᠢ ᠠᠵᠢᠯᠯᠠᠭᠤᠯᠤᠭᠰᠠᠨ ᠢᠶᠠᠷ ᠰᠡᠳᠭᠢᠯ ᠵᠦᠢ ᠶᠢᠨ ᠶᠠᠮᠠᠷ ᠨᠢᠭᠡ ᠠᠰᠠᠭᠤᠳᠠᠯ ᠲᠠᠢ ᠬᠦᠮᠦᠰ ᠭᠠᠳᠠᠭᠠᠳᠤ ᠶᠢᠨ  ᠬᠥᠭᠵᠢᠩᠭᠦᠢ ᠣᠷᠣᠨ ᠨᠤᠭᠤᠳ ᠲᠠᠢ ᠠᠳᠠᠯᠢ ᠤᠲᠠᠰᠤ ᠪᠠᠷ ᠰᠢᠭᠤᠳ ᠮᠡᠳᠡᠭᠡᠯᠡᠯ ᠠᠪᠬᠤ ᠪᠣᠯᠤᠮᠵᠢ ᠪᠦᠷᠢᠳᠦᠯ᠎ᠡ᠃ ᠣᠯᠠᠨ ᠵᠢᠯ ᠦᠨ ᠲᠤᠷᠰᠢᠯᠭ᠎ᠠ ᠲᠠᠢ ᠰᠡᠳᠬᠢᠴᠡ ᠶᠢᠨ ᠡᠮᠴᠢ ᠨᠠᠷ ᠡᠭᠡᠯᠵᠢ ᠪᠡᠷ ᠠᠵᠢᠯᠯᠠᠵᠤ᠂ ᠮᠡᠳᠡᠭᠡᠯᠡᠯ ᠥᠭᠬᠦ ᠠᠵᠠᠢ ᠃
ᠤᠯᠤᠰ ᠤᠨ ᠬᠡᠮᠵᠢᠶᠡᠨ ᠳᠦ ᠬᠥᠳᠡᠯᠮᠦᠷᠢ ᠶᠢᠨ ᠴᠢᠳᠠᠪᠤᠷᠢ ᠪᠠᠨ ᠠᠯᠳᠠᠭᠰᠠᠨ ᠨᠡᠶᠢᠲᠡ ᠬᠦᠮᠦᠰ ᠦᠨ ᠳᠣᠲᠣᠷ᠎ᠠ ᠰᠡᠳᠬᠢᠴᠡ ᠶᠢᠨ ᠡᠮᠭᠡᠭ ᠲᠡᠢ ᠬᠦᠮᠦᠰ 15  ᠬᠤᠪᠢ ᠶᠢ ᠡᠵᠡᠯᠡᠵᠦ᠂ ᠰᠡᠳᠬᠢᠴᠡ᠂ ᠵᠠᠩ ᠦᠢᠯᠡ ᠶᠢᠨ ᠡᠮᠭᠡᠭ ᠲᠡᠢ 21 ᠮᠢᠩᠭ᠎ᠠ ᠭᠠᠷᠤᠢ ᠬᠦᠮᠦᠨ ᠠᠮᠢᠳᠤᠷᠠᠵᠤ ᠪᠠᠶᠢᠨ᠎ᠠ᠃ 2013 ᠣᠨ ᠳᠤ ᠬᠢᠭᠳᠡᠭᠰᠡᠨ ᠵᠣᠩᠬᠢᠯᠠᠨ ᠲᠣᠬᠢᠶᠠᠯᠳᠣᠬᠤ ᠰᠡᠳᠬᠢᠴᠡ ᠶᠢᠨ ᠡᠮᠭᠡᠭ ᠦᠨ ᠲᠠᠷᠬᠠᠯᠲᠠ ᠶᠢᠨ ᠰᠤᠳᠤᠯᠭᠠᠨ ᠤ ᠦᠷ᠎ᠡ ᠳ᠋ᠦᠩ ᠢ 1984-1992 ᠣᠨ ᠤ  ᠰᠤᠳᠤᠯᠭᠠᠨ ᠲᠠᠢ ᠬᠠᠷᠢᠴᠠᠭᠤᠯᠪᠠᠯ ᠰᠲᠷᠧᠰ ᠤᠨ ᠰᠢᠯᠲᠠᠭᠠᠨ ᠳᠤ ᠰᠡᠳᠬᠢᠴᠡ ᠶᠢᠨ ᠡᠮᠭᠡᠭ 10 ᠳᠠᠬᠢᠨ᠂ ᠠᠷᠢᠬᠢᠨ ᠳᠤ ᠳᠣᠩᠲᠣᠬᠤ ᠡᠮᠭᠡᠭ 40 ᠳᠠᠬᠢᠨ ᠨᠡᠮᠡᠭᠳᠡᠵᠦ᠂ ᠡᠭᠦᠨ ᠦ ᠳᠣᠲᠣᠷ᠎ᠠ 15-65 ᠨᠠᠰᠤᠨ ᠤ ᠬᠦᠮᠦᠰ ᠦᠨ 6  ᠬᠤᠪᠢ ᠶᠢ ᠰᠡᠳᠬᠢᠯ ᠭᠤᠲᠤᠷᠠᠯ ᠡᠵᠡᠯᠡᠵᠦ ᠪᠠᠶᠢᠨ᠎ᠠ᠃
ᠬᠡᠷᠪᠡ ᠲᠠᠨ ᠳᠤ ᠪᠣᠯᠤᠨ ᠲᠠᠨ ᠤ ᠣᠶᠢᠷ᠎ᠠ ᠳᠤᠲᠤᠨᠤ ᠶᠢᠨ ᠬᠦᠮᠦᠨ ᠳᠦ᠂  ᠨᠤᠶᠢᠷ ᠦᠭᠡᠶᠢᠳᠡᠯ᠂ ᠰᠡᠳᠬᠢᠯ  ᠲᠦᠭᠰᠢᠯᠲᠡ᠂ ᠠᠶᠢᠳᠠᠰ ᠂ ᠰᠡᠳᠬᠢᠯ ᠭᠤᠲᠤᠷᠠᠯ ᠂ ᠠᠭᠤᠷ ᠪᠤᠬᠢᠨᠢᠳᠤᠯ ᠂ ᠮᠡᠳᠡᠷᠡᠯ ᠰᠤᠯᠠᠳᠠᠯ᠂ ᠳᠡᠯᠭᠡᠴᠡ ᠶᠢᠨ ᠳᠣᠩᠲᠣᠯᠲᠠ ᠂ ᠠᠷᠢᠬᠢ᠂ ᠲᠠᠮᠠᠬᠢ᠂ ᠮᠠᠩᠰᠢᠭᠤᠷᠠᠭᠤᠯᠬᠤ ᠪᠣᠳᠠᠰ ᠤᠨ ᠬᠡᠷᠡᠭᠯᠡᠭᠡ ᠲᠡᠢ ᠬᠣᠯᠪᠣᠭᠠᠲᠠᠢ ᠠᠰᠠᠭᠤᠳᠠᠯ ᠂ ᠵᠢᠷᠮᠦᠰᠦᠨ ᠦᠶ᠎ᠡ ᠶᠢᠨ  ᠰᠡᠳᠭᠢᠯ ᠵᠦᠢ ᠶᠢᠨ ᠥᠭᠡᠷᠡᠴᠢᠯᠡᠯᠲᠡ᠂ ᠲᠥᠷᠦᠭᠰᠡᠨ ᠦ ᠳᠠᠷᠠᠭᠠᠬᠢ ᠰᠡᠳᠬᠢᠯ  ᠵᠦᠢ ᠶᠢᠨ ᠬᠢᠮᠤᠷᠠᠯ᠂ ᠰᠡᠳᠬᠢᠯ ᠭᠤᠲᠤᠷᠠᠯ ᠂ ᠠᠬᠢᠮᠠᠭ ᠨᠠᠰᠤᠨ ᠤ ᠦᠶ᠎ᠡ ᠶᠢᠨ ᠰᠡᠳᠬᠢᠴᠡ ᠶᠢᠨ ᠲᠤᠯᠭᠠᠮᠳᠠᠭᠰᠠᠨ ᠠᠰᠠᠭᠤᠳᠠᠯ ᠂  ᠬᠡᠦᠬᠡᠳ ᠦᠨ ᠰᠡᠳᠬᠢᠴᠡ ᠶᠢᠨ ᠲᠤᠯᠭᠠᠮᠳᠠᠭᠰᠠᠨ ᠠᠰᠠᠭᠤᠳᠠᠯ ᠲᠤᠯᠭᠠᠷᠠᠪᠠᠯ
24 ᠴᠠᠭ ᠤᠨ ᠲᠤᠷᠰᠢ 1800-2000 ᠤᠲᠠᠰᠤ ᠪᠠᠷ ᠬᠣᠯᠪᠣᠭᠳᠠᠵᠤ ᠮᠡᠷᠭᠡᠵᠢᠯ ᠦᠨ ᠰᠡᠳᠬᠢᠴᠡ ᠶᠢᠨ ᠡᠮᠴᠢ ᠡᠴᠡ ᠮᠡᠳᠡᠭᠡᠯᠡᠯ ᠠᠪᠬᠤ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ