ᠴᠡᠭᠡᠵᠢ ᠪᠤᠳᠤᠯᠭ᠎ᠠ ᠶᠢᠨ ᠲᠡᠮᠡᠴᠡᠭᠡᠨ ᠳᠦ ᠲᠡᠷᠢᠭᠦᠯᠡᠯ᠎ᠡ | News.MN

ᠴᠡᠭᠡᠵᠢ ᠪᠤᠳᠤᠯᠭ᠎ᠠ ᠶᠢᠨ ᠲᠡᠮᠡᠴᠡᠭᠡᠨ ᠳᠦ ᠲᠡᠷᠢᠭᠦᠯᠡᠯ᠎ᠡ

ᠴᠡᠭᠡᠵᠢ  ᠪᠤᠳᠤᠯᠭ᠎ᠠ ᠶᠢᠨ ᠣᠯᠠᠨ ᠤᠯᠤᠰ ᠤᠨ ᠲᠡᠮᠡᠴᠡᠭᠡᠨ ᠦᠽᠪᠸᠺᠰᠲ᠋ᠠᠨ ᠤᠯᠤᠰ ᠤᠨ ᠨᠡᠶᠢᠰᠯᠡᠯ ᠲᠠᠱᠺᠧᠨᠲ  ᠬᠤᠲᠠ ᠳᠤ ᠪᠣᠯᠤᠭᠰᠠᠨ ᠪᠢᠯᠡ᠃ ᠲᠤᠰ ᠲᠡᠮᠡᠴᠡᠭᠡᠨ ᠳᠦ ᠳᠣᠯᠣᠭᠠᠨ ᠤᠯᠤᠰ ᠤᠨ 360 ᠲᠠᠮᠢᠷᠴᠢᠨ 5 ᠨᠠᠰᠤᠨ ᠤ (5-6 ᠨᠠᠰᠤ᠂ 7-8 ᠨᠠᠰᠤ᠂ 9-10 ᠨᠠᠰᠤ᠂ 11-12 ᠨᠠᠰᠤ᠂ 13-16 ᠨᠠᠰᠤ) ᠠᠩᠭᠢᠯᠠᠯ ᠳᠤ ᠥᠷᠢᠰᠦᠯᠳᠦᠵᠦ ᠪᠤᠢ ᠶᠤᠮ᠃ ᠬᠠᠮᠤᠭ ᠤᠨ ᠪᠠᠭ᠎ᠠ ᠨᠠᠰᠤᠨ ᠤ ᠠᠩᠭᠢᠯᠠᠯ ᠳᠤ ᠡᠬᠡ ᠣᠷᠣᠨ ᠢᠶᠠᠨ ᠲᠥᠯᠥᠭᠡᠯᠡᠨ ᠣᠷᠣᠯᠴᠠᠵᠤ᠂ ᠣᠯᠠᠨ ᠲᠠᠮᠢᠷᠴᠢᠨ ᠠᠴᠠ ᠣᠨᠣᠭ᠎ᠠ ᠪᠠᠷ ᠢᠶᠠᠨ ᠲᠡᠷᠢᠭᠦᠯᠡᠨ 0.1 ᠰᠸᠺᠦ᠋ᠨᠳ᠋ ᠍ ᠤᠨ ᠳᠠᠪᠲᠠᠮᠵᠢ ᠲᠠᠢ ᠭᠠᠷᠴᠤ ᠢᠷᠡᠵᠦ ᠪᠤᠢ  ᠲᠤᠭ᠎ᠠ ᠨᠤᠭᠤᠳ ᠢ ᠪᠣᠳᠣᠨ ᠬᠣᠭᠣᠷᠣᠨᠳᠣ ᠪᠠᠨ ᠬᠠᠯᠵᠠ ᠥᠷᠢᠰᠦᠯᠳᠦᠭᠰᠡᠨ ᠮᠣᠩᠭᠣᠯ ᠤᠨ ᠣᠶᠤᠨ ᠤᠬᠠᠭᠠᠨ ᠤ ᠠᠺᠠᠳᠧᠮᠢ ᠶᠢᠨ ᠲᠠᠮᠢᠷᠴᠢᠨ᠂ ᠠᠺᠠᠳᠧᠮᠢ ᠶᠢᠨ ᠬᠠᠷᠢᠶ᠎ᠠ ᠢᠵᠠᠭᠤᠷ ᠪᠠᠭ᠎ᠠ ᠰᠤᠷᠭᠠᠭᠤᠯᠢ ᠶᠢᠨ ᠨᠢᠭᠡᠳᠦᠭᠡᠷ ᠠᠩᠬᠢ ᠶᠢᠨ ᠰᠤᠷᠤᠭᠴᠢ ᠽ∙ᠰᠡᠶᠢᠯᠦᠨ ᠠᠪᠤᠷᠭᠤ ᠪᠣᠯᠵᠤ ᠮ∙ᠭᠡᠭᠡᠨ-ᠣᠶᠤᠨ ᠬᠣᠶᠠᠳᠤᠭᠠᠷ ᠪᠠᠶᠢᠷᠢ ᠳᠤ ᠣᠷᠣᠭᠰᠠᠨ ᠪᠠᠶᠢᠨ᠎ᠠ᠃
ᠮᠣᠩᠭᠣᠯ ᠤᠨ ᠣᠶᠤᠨ ᠤᠬᠠᠭᠠᠨ ᠤ ᠠᠺᠠᠳᠧᠮᠢ ᠶᠢᠨ ᠵᠠᠬᠢᠷᠤᠯ ᠬ∙ᠬᠠᠲᠠᠨᠪᠠᠭᠠᠲᠤᠷ ᠄ ᠬᠣᠶᠠᠷ ᠱᠠᠪᠢ ᠮᠠᠨᠢ ᠣᠨᠣᠭ᠎ᠠ ᠲᠡᠩᠴᠡᠭᠰᠡᠭᠡᠷ᠂ ᠬᠠᠮᠤᠭ ᠤᠨ ᠰᠡᠭᠦᠯ ᠦᠨ ᠱᠠᠲᠤᠨ ᠳᠤ ᠬᠣᠶᠠᠭᠤᠯᠠᠬᠠᠨ ᠢᠶᠠᠨ ᠦᠯᠡᠳᠡᠨ 0.1 ᠰᠸᠺᠦ᠋ᠨᠳ᠋ ᠍ ᠤᠨ ᠳᠠᠪᠲᠠᠮᠵᠢ ᠲᠠᠢ ᠠᠨᠢᠪᠴᠢᠵᠤ ᠪᠤᠢ ᠪᠣᠳᠣᠯᠭ᠎ᠠ ᠶᠢ ᠪᠣᠳᠣᠵᠤ᠂ ᠬᠦᠮᠦᠰ ᠢ ᠠᠯᠮᠠᠶᠢᠷᠠᠭᠤᠯᠤᠨ᠂ ᠰᠡᠶᠢᠯᠦᠨ ᠠᠪᠤᠷᠭᠤ ᠪᠣᠯᠤᠭᠰᠠᠨ ᠪᠣᠯ ᠭᠡᠭᠡᠨ-ᠣᠶᠤᠨ ᠮᠠᠨᠢ ᠬᠣᠶᠠᠳᠤᠭᠠᠷ ᠪᠠᠶᠢᠷᠢ ᠳᠤ ᠣᠷᠣᠯ᠎ᠠ ᠳ᠋ᠠ ᠭᠡᠪᠡ᠃

ᠰᠡᠳᠬᠢᠭᠳᠡᠯ ᠦᠯᠡᠳᠡᠭᠡᠬᠦ