ᠵᠡᠭᠦᠨ ᠬᠤᠶᠢᠳᠤ ᠠᠽᠢᠶ᠎ᠠ ᠶᠢᠨ ᠲᠥᠯᠥᠭᠡᠯᠡᠭᠴᠢᠳ ᠳᠣᠷᠣᠨᠠᠭᠣᠪᠢ ᠳᠤ ᠵᠣᠴᠢᠯᠠᠪᠠ | News.MN

ᠵᠡᠭᠦᠨ ᠬᠤᠶᠢᠳᠤ ᠠᠽᠢᠶ᠎ᠠ ᠶᠢᠨ ᠲᠥᠯᠥᠭᠡᠯᠡᠭᠴᠢᠳ ᠳᠣᠷᠣᠨᠠᠭᠣᠪᠢ ᠳᠤ ᠵᠣᠴᠢᠯᠠᠪᠠ

ᠵᠡᠭᠦᠨ ᠬᠤᠶᠢᠳᠤ ᠠᠽᠢᠶ᠎ᠠ ᠶᠢᠨ ᠨᠤᠲᠤᠭ ᠤᠨ ᠵᠠᠬᠢᠷᠭᠠᠳ ᠤᠨ ᠬᠣᠯᠪᠣᠭᠠᠨ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠬᠤᠨ ᠵᠤᠩ ᠭᠧᠨ ᠪᠣᠯᠤᠨ ᠠᠯᠪᠠᠨ ᠤ ᠲᠥᠯᠥᠭᠡᠯᠡᠭᠴᠢᠳ ᠳᠣᠷᠣᠨᠠᠭᠣᠪᠢ ᠠᠶᠢᠮᠠᠭ ᠲᠤ ᠭᠤᠷᠪᠠᠳᠤᠭᠠᠷ ᠰᠠᠷ᠎ᠠ ᠶᠢᠨ 19- 20 ᠳᠦ ᠵᠣᠴᠢᠯᠠᠪᠠ᠃ ᠲᠥᠯᠥᠭᠡᠯᠡᠭᠴᠢᠳ ᠢ ᠳᠣᠷᠣᠨᠠᠭᠣᠪᠢ ᠠᠶᠢᠮᠠᠭ ᠤᠨ ᠵᠠᠰᠠᠭ ᠳᠠᠷᠤᠭ᠎ᠠ ᠲ∙ᠡᠩᠬᠡᠲᠦ᠋ᠪᠰᠢᠨ ᠬᠦᠯᠢᠶᠡᠨ ᠠᠪᠴᠤ ᠠᠭᠤᠯᠵᠠᠨ ᠣᠷᠣᠨ ᠨᠤᠲᠤᠭ ᠤᠨ ᠣᠨᠴᠠᠯᠢᠭ᠂ ᠬᠥᠭᠵᠢᠯ ᠳᠡᠪᠰᠢᠯ᠂ ᠬᠥᠷᠥᠩᠭᠡ ᠣᠷᠣᠭᠤᠯᠤᠯᠲᠠ᠂ ᠪᠦᠲᠦᠭᠡᠨ ᠪᠠᠶᠢᠭᠤᠯᠤᠯᠲᠠ ᠶᠢᠨ ᠠᠵᠢᠯ ᠠᠴᠠ ᠲᠠᠨᠢᠯᠴᠠᠭᠤᠯᠵᠤ ᠬᠠᠷᠢᠯᠴᠠᠨ ᠰᠠᠨᠠᠯ ᠰᠣᠯᠢᠯᠴᠠᠯ᠎ᠠ᠃ ᠡᠨᠡᠬᠦ ᠬᠣᠯᠪᠣᠭᠠᠨ ᠳᠤ ᠵᠢᠷᠭᠤᠭᠠᠨ ᠤᠯᠤᠰ ᠤᠨ 70 ᠭᠠᠷᠤᠢ ᠬᠣᠲᠠ ᠮᠤᠵᠢ ᠭᠡᠰᠢᠭᠦᠨᠴᠢᠯᠡᠯᠲᠡᠢ ᠪᠥᠭᠡᠳ ᠡᠭᠦᠨ ᠳᠦ ᠳᠣᠷᠣᠨᠠᠭᠣᠪᠢ ᠠᠶᠢᠮᠠᠭ ᠪᠠᠭᠲᠠᠳᠠᠭ᠃ ᠲᠡᠶᠢᠮᠦ ᠡᠴᠡ ᠰᠣᠯᠣᠩᠭᠣᠰ ᠤᠨ ᠮᠤᠵᠢ ᠠᠶᠢᠮᠠᠭ ᠤᠳ ᠲᠠᠢ ᠬᠠᠮᠲᠤᠷᠠᠨ ᠠᠵᠢᠯᠯᠠᠬᠤ᠂ ᠬᠠᠷᠢᠯᠴᠠᠭ᠎ᠠ ᠲᠣᠭᠲᠠᠭᠠᠬᠤ᠂ ᠬᠥᠷᠦᠩᠭᠡ ᠣᠷᠣᠭᠤᠯᠤᠯᠲᠠ ᠲᠠᠲᠠᠬᠤ᠂ ᠴᠢᠨᠠᠭᠰᠢᠳᠠ ᠥᠷᠭᠡᠨ ᠬᠦᠷᠢᠶᠡᠨ ᠳᠦ ᠬᠠᠮᠲᠤᠷᠠᠨ ᠠᠵᠢᠯᠯᠠᠬᠤ ᠳᠤ ᠪᠡᠯᠡᠨ ᠪᠠᠶᠢᠭ᠎ᠠ ᠪᠠᠨ ᠲ∙ᠡᠩᠬᠡᠲᠦ᠋ᠪᠰᠢᠨ ᠢᠯᠡᠷᠬᠡᠶᠢᠯᠡᠪᠡ᠃ ᠬᠠᠷᠢᠨ ᠬᠤᠨ ᠵᠤᠩ ᠭᠧᠨ ᠳᠣᠷᠣᠨᠠᠭᠣᠪᠢ ᠠᠶᠢᠮᠠᠭ ᠲᠤᠰ ᠬᠣᠯᠪᠣᠭᠠᠨ ᠠᠴᠠ ᠵᠣᠬᠢᠶᠠᠨ ᠪᠠᠶᠢᠭᠤᠯᠳᠠᠭ ᠹᠣᠷᠣᠮ᠂ ᠪᠤᠰᠤᠳ ᠦᠢᠯᠡ ᠠᠵᠢᠯᠯᠠᠭᠠᠨ ᠳᠤ ᠲᠣᠭᠲᠠᠮᠠᠯ ᠣᠷᠣᠯᠴᠠᠵᠤ ᠢᠷᠡᠭᠰᠡᠨ᠃ ᠣᠷᠣᠨ ᠨᠤᠲᠤᠭ ᠠᠴᠠ ᠲᠥᠷᠦ ᠶᠢᠨ ᠠᠯᠪᠠ ᠬᠠᠭᠠᠭᠴᠢᠳ ᠢ ᠴᠢᠳᠠᠪᠬᠢᠵᠢᠭᠤᠯᠬᠤ᠂ ᠰᠤᠷᠭᠠᠯᠲᠠ ᠵᠦᠪᠯᠡᠯᠭᠡᠨ ᠳᠦ ᠣᠷᠤᠯᠴᠠᠭᠤᠯᠬᠤ᠂ ᠰᠣᠯᠣᠩᠭᠣᠰ ᠤᠨ ᠵᠠᠷᠢᠮ ᠮᠤᠵᠢ  ᠬᠤᠲᠠ ᠲᠠᠢ ᠬᠠᠮᠲᠤᠷᠠᠨ ᠠᠵᠢᠯᠯᠠᠬᠤ ᠳᠤ ᠲᠤᠰᠠᠯᠠᠵᠤ ᠳᠡᠮᠵᠢᠬᠦ ᠵᠡᠷᠭᠡ ᠰᠠᠨᠠᠯ ᠲᠠᠯᠪᠢᠭᠰᠠᠨ ᠃ ᠪᠢᠳᠡ ᠰᠤᠳᠤᠯᠵᠤ ᠦᠵᠡᠵᠦ ᠬᠠᠮᠲᠤᠷᠠᠨ ᠠᠵᠢᠯᠯᠠᠬᠤ ᠪᠣᠯᠤᠨ᠎ᠠ ᠭᠡᠪᠡ᠃

ᠰᠡᠳᠬᠢᠭᠳᠡᠯ ᠦᠯᠡᠳᠡᠭᠡᠬᠦ