ᠮᠣᠩᠭᠣᠯ ᠤᠨ ᠳᠡᠪᠰᠢᠭᠦᠯᠦᠭᠰᠡᠨ ᠠᠰᠠᠭᠤᠳᠠᠯ ᠢ ᠰᠢᠢᠳᠪᠦᠷᠢᠯᠡᠬᠦ ᠶᠢ ᠬᠢᠴᠢᠶᠡᠵᠦ ᠪᠠᠶᠢᠨ᠎ᠠ | News.MN

ᠮᠣᠩᠭᠣᠯ ᠤᠨ ᠳᠡᠪᠰᠢᠭᠦᠯᠦᠭᠰᠡᠨ ᠠᠰᠠᠭᠤᠳᠠᠯ ᠢ ᠰᠢᠢᠳᠪᠦᠷᠢᠯᠡᠬᠦ ᠶᠢ ᠬᠢᠴᠢᠶᠡᠵᠦ ᠪᠠᠶᠢᠨ᠎ᠠ

ᠰᠠᠶ᠋ᠢᠬᠠᠨ ᠬᠤᠷᠠᠯᠳᠤᠵᠤ ᠳᠠᠭᠤᠰᠤᠭᠰᠠᠨ 13 ᠳ᠋ᠡᠬᠢ ᠰᠣᠩᠭᠣᠭᠤᠯᠢ ᠶᠢᠨ ᠪᠦᠬᠦ ᠬᠢᠲᠠᠳ ᠤᠨ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠬᠣᠶᠠᠳᠤᠭᠠᠷ ᠬᠤᠷᠠᠯ ᠤᠨ ᠦᠷ᠎ᠡ ᠳ᠋ᠦᠩ ᠂ ᠭᠠᠷᠭᠠᠭᠰᠠᠨ ᠰᠢᠢᠳᠪᠦᠷᠢ ᠶᠢᠨ ᠲᠠᠯ᠎ᠠ ᠪᠠᠷ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠠᠴᠠ 2019 ᠣᠨ ᠤ 3᠍ ᠳᠦᠭᠡᠷ ᠰᠠᠷ᠎ᠠ ᠶᠢᠨ 15 ᠍ ᠳᠦ ᠬᠡᠪᠯᠡᠯ ᠦᠨ ᠬᠤᠷᠠᠯ ᠵᠣᠬᠢᠶᠠᠨ ᠪᠠᠶᠢᠭᠤᠯᠵᠤ᠂ ᠡᠯᠴᠢᠨ ᠰᠠᠶᠢᠳ ᠰᠢᠩ ᠬᠠᠢ ᠮᠢᠩ ᠰᠡᠳᠬᠦᠯᠴᠢᠳ ᠦᠨ ᠰᠣᠨᠢᠷᠬᠠᠭᠰᠠᠨ ᠠᠰᠠᠭᠤᠯᠲᠠ ᠳᠤ ᠬᠠᠷᠢᠭᠤᠯᠪᠠ᠃
ᠮᠡᠳᠡᠭᠡᠯᠡᠯ ᠦᠨ ᠰᠢᠨᠬᠤᠸᠠ ᠠᠭᠧᠨᠲᠯᠢᠭ ᠤᠨ ᠤᠯᠠᠭᠠᠨᠪᠠᠭᠠᠲᠤᠷ ᠳᠠᠬᠢ ᠰᠠᠯᠪᠤᠷᠢ᠄ ︽ᠪᠥᠰᠡ ᠪᠠ ᠵᠠᠮ︾᠂ ︽ᠬᠥᠭᠵᠢᠯ ᠦᠨ ᠵᠠᠮ︾ ᠢ ᠤᠶᠠᠯᠳᠤᠭᠤᠯᠬᠤ ᠪᠣᠳᠠᠲᠠᠢ ᠶᠠᠮᠠᠷ ᠠᠵᠢᠯ ᠢ ᠥᠷᠨᠢᠭᠦᠯᠵᠦ ᠪᠠᠶᠢᠨ᠎ᠠ ᠪᠤᠢ︖ ︽ᠪᠥᠰᠡ ᠪᠠ ᠵᠠᠮ︾ ᠰᠠᠨᠠᠭᠠᠴᠢᠯᠠᠭ᠎ᠠ ᠶᠢᠨ ᠬᠦᠷᠢᠶᠡᠨ ᠳᠦ᠂ ᠮᠣᠩᠭᠣᠯ ᠤᠯᠤᠰ ᠲᠠᠢ ᠬᠠᠮᠲᠤᠷᠠᠨ ᠶᠠᠮᠠᠷ ᠲᠥᠰᠥᠯ ᠬᠡᠷᠡᠭᠵᠢᠭᠦᠯᠵᠦ ᠪᠠᠶᠢᠨ᠎ᠠ ᠪᠤᠢ︖ ᠠᠭᠤᠯᠠ ᠠᠭᠤᠷᠬᠠᠢ ᠶᠢᠨ ᠪᠤᠰᠤ ᠪᠦᠲᠦᠭᠡᠭᠳᠡᠬᠦᠨ ᠢ ᠬᠢᠲᠠᠳ ᠤᠯᠤᠰ ᠤᠷᠤᠭᠤ ᠡᠺᠰᠫᠤᠷᠲᠯᠤᠬᠤ ᠳᠤ ᠶᠠᠮᠠᠷ ᠳᠡᠮᠵᠢᠯᠭᠡ ᠦᠵᠡᠭᠦᠯᠵᠦ ᠪᠠᠶᠢᠨ᠎ᠠ ᠪᠤᠢ ︖
ᠰᠢᠩ ᠬᠠᠢ ᠮᠢᠩ᠄ ︽ᠪᠥᠰᠡ ᠪᠠ ᠵᠠᠮ︾ ᠪᠣᠯ ᠰᠠᠨᠠᠭᠠᠴᠢᠯᠠᠭ᠎ᠠ ᠪᠣᠯᠬᠤ ᠠᠴᠠ ᠰᠲᠷᠠᠲ᠋ᠧᠭᠢ ᠪᠢᠰᠢ ᠶᠤᠮ᠃ ᠲᠣᠷᠭᠠᠨ ᠤ ᠵᠠᠮ ᠤᠨ ᠡᠳ᠋ ᠍ ᠦᠨ ᠵᠠᠰᠠᠭ ᠤᠨ ᠪᠥᠰᠡ ᠪᠣᠯᠤᠨ ᠳᠠᠯᠠᠢ ᠳᠡᠭᠡᠷᠡᠬᠢ ᠲᠣᠷᠭᠠᠨ ᠤ ᠵᠠᠮ ᠢ ᠤᠶᠠᠯᠳᠤᠭᠤᠯᠬᠤ ᠭᠡᠰᠡᠨ ᠣᠶᠢᠯᠠᠭᠠᠯᠲᠠ᠃ ᠰᠠᠨᠠᠭᠠᠴᠢᠯᠠᠭ᠎ᠠ ᠳᠤ ᠨᠢᠭᠡᠳᠦᠭᠰᠡᠨ ᠠᠯᠢᠪᠠ ᠤᠯᠤᠰ ᠣᠷᠣᠨ ᠥᠪᠡᠷ ᠦᠨ ᠬᠥᠭᠵᠢᠯ ᠦᠨ ᠵᠢᠷᠤᠭ ᠢ ᠤᠶᠠᠯᠳᠤᠭᠤᠯᠵᠤ᠂ ᠥᠪᠡᠷ ᠦᠨ ᠤᠯᠤᠰ ᠣᠷᠣᠨ ᠤ ᠠᠷᠠᠳ ᠲᠦᠮᠡᠨ ᠳᠦ ᠦᠷ᠎ᠡ ᠦᠭᠭᠦᠭᠡᠵᠢ ᠪᠡᠨ ᠥᠭᠬᠦ ᠡᠶᠢᠮᠦ ᠭᠣᠣᠯ ᠵᠣᠷᠢᠯᠭ᠎ᠠ ᠲᠠᠢ ᠶᠤᠮ᠃ ᠮᠣᠩᠭᠣᠯ ᠤᠯᠤᠰ ︽ᠪᠥᠰᠡ ᠪᠠ ᠵᠠᠮ︾ ᠰᠠᠨᠠᠭᠠᠴᠢᠯᠠᠭ᠎ᠠ ᠶᠢᠨ ᠬᠠᠮᠲᠤ ᠶᠢᠨ ᠠᠵᠢᠯᠯᠠᠭᠠᠨ ᠤ  ︽ᠪᠠᠶᠢᠭᠠᠯᠢ︾ ᠶᠢᠨ ᠲᠦᠩᠰᠢ ᠶᠤᠮ᠃ ᠪᠢᠳᠡ ︽ᠪᠥᠰᠡ ᠪᠠ ᠵᠠᠮ︾ ᠪᠣᠯᠤᠨ ︽ᠬᠥᠭᠵᠢᠯ ᠦᠨ ᠵᠠᠮ︾ ᠍ ᠤᠨ ᠤᠶᠠᠯᠳᠤᠭ᠎ᠠ ᠬᠣᠯᠪᠣᠭ᠎ᠠ ᠶᠢ ᠡᠷᠴᠢᠮᠵᠢᠭᠦᠯᠬᠦ ᠲᠠᠯ᠎ᠠ ᠪᠠᠷ ᠰᠠᠨᠠᠮᠵᠢ ᠪᠢᠴᠢᠭ ᠲᠦ ᠭᠠᠷ ᠤᠨ ᠦᠰᠦᠭ ᠵᠢᠷᠤᠭᠰᠠᠨ ᠪᠠ ᠬᠠᠮᠲᠤᠷᠠᠨ ᠠᠵᠢᠯᠯᠠᠬᠤ ᠲᠣᠳᠣᠷᠬᠠᠢ ᠲᠥᠰᠥᠯ ᠦᠳ ᠢ ᠳᠤᠷᠠᠳᠤᠭᠰᠠᠨ ᠪᠠᠶᠢᠭ᠎ᠠ᠃

ᠡᠭᠦᠨ ᠳᠦ᠂ ᠲᠡᠮᠦᠷ ᠵᠠᠮ ᠢ ᠥᠷᠭᠡᠳᠬᠡᠨ ᠰᠢᠨᠡᠳᠭᠡᠬᠦ᠂ ᠠᠦ᠋ᠲ᠋ᠣ᠋ ᠵᠠᠮ ᠰᠢᠨ᠎ᠡ ᠪᠡᠷ ᠲᠠᠯᠪᠢᠬᠤ ᠵᠡᠷᠭᠡ ᠳᠡᠳ᠋ ᠪᠦᠲᠦᠴᠡ ᠶᠢᠨ ᠪᠦᠲᠦᠭᠡᠨ ᠪᠠᠶᠢᠭᠤᠯᠤᠯᠲᠠ ᠶᠢᠨ ᠬᠠᠮᠲᠤ ᠶᠢᠨ ᠠᠵᠢᠯᠯᠠᠭᠠᠨ ᠤ ᠪᠣᠳᠠᠲᠤ ᠲᠥᠰᠥᠯ ᠦᠳ  ᠪᠠᠭᠲᠠᠵᠤ ᠪᠠᠶᠢᠨ᠎ᠠ᠃ ᠡᠨᠡ ᠳᠣᠲᠣᠷ᠎ᠠ ᠮᠥᠨ ᠬᠢᠲᠠᠳ᠂ ᠮᠣᠩᠭᠣᠯ᠂ ᠣᠷᠣᠰ ᠭᠤᠷᠪᠠᠨ ᠤᠯᠤᠰ ᠤᠨ ᠬᠠᠮᠲᠤ ᠶᠢᠨ ᠠᠵᠢᠯᠯᠠᠭᠠᠨ ᠤ ᠪᠣᠳᠠᠲᠤ ᠲᠥᠰᠥᠯ ᠦᠳ ᠲᠤᠰᠬᠠᠭᠳᠠᠭᠰᠠᠨ ᠪᠠᠶᠢᠭ᠎ᠠ᠃ ᠭᠡᠪᠡᠴᠦ ᠡᠨᠡ ᠪᠦᠬᠦ ᠲᠥᠰᠥᠯ ᠢ ᠲᠸᠭᠨᠢᠭ ᠡᠳ᠋  ᠦᠨ ᠵᠠᠰᠠᠭ ᠤᠨ ᠦᠨᠳᠦᠰᠦᠯᠡᠯ  ᠢᠶᠡᠨ ᠪᠣᠯᠪᠠᠰᠤᠷᠠᠭᠤᠯᠤᠭᠰᠠᠨ ᠤ ᠳᠠᠷᠠᠭ᠎ᠠ ᠡᠬᠢᠯᠡᠭᠦᠯᠬᠦ ᠪᠣᠯᠤᠨ᠎ᠠ᠃ ᠡᠨᠡ ᠵᠢᠯ ᠪᠣᠯᠬᠤ  ᠬᠤᠶᠠᠳᠠᠬᠢ ᠤᠳᠠᠭ᠎ᠠ ᠶᠢᠨ ︽ᠪᠥᠰᠡ ᠪᠠ ᠵᠠᠮ︾ ᠳᠡᠭᠡᠳᠦ ᠬᠡᠮᠵᠢᠶᠡᠨ ᠦ ᠣᠯᠠᠨ ᠤᠯᠤᠰ ᠤᠨ ᠬᠠᠮᠲᠤ ᠶᠢᠨ ᠠᠵᠢᠯᠯᠠᠭᠠᠨ ᠤ ᠹᠣᠷᠣᠮ ᠢᠶᠠᠷ ᠬᠣᠶᠠᠷ ᠲᠠᠯ᠎ᠠ ᠶᠢᠨ ᠲᠥᠰᠥᠯ ᠢ ᠤᠶᠠᠯᠳᠤᠭᠤᠯᠬᠤ ᠠᠵᠢᠯ ᠢ ᠤᠯᠠᠮ ᠪᠦᠷ ᠡᠷᠴᠢᠮᠵᠢᠭᠦᠯᠬᠦ ᠠᠰᠠᠭᠤᠳᠠᠯ ᠢ ᠰᠢᠢᠳᠦᠨ᠎ᠡ᠃ ᠡᠨᠡ ᠬᠦᠷᠢᠶᠡᠨ ᠳᠦ᠂ ᠶᠠᠮᠠᠷ ᠶᠠᠮᠠᠷ ᠳᠡᠳ᠋ ᠲᠥᠰᠥᠯ ᠬᠡᠷᠡᠭᠵᠢᠭᠦᠯᠵᠦ ᠪᠣᠯᠬᠤ ᠲᠠᠯ᠎ᠠ ᠪᠠᠷ ᠶᠠᠷᠢᠯᠴᠠᠵᠤ᠂ ᠴᠠᠭᠠᠰᠢᠳᠠ ᠶᠢᠨ ᠬᠠᠮᠲᠤ ᠶᠢᠨ ᠠᠵᠢᠯᠯᠠᠭᠠᠨ ᠤ ᠴᠢᠭ ᠬᠠᠨᠳᠤᠯᠭ᠎ᠠ ᠶᠢ ᠲᠣᠭᠲᠠᠭᠠᠬᠤ ᠪᠠᠶᠢᠬᠤ ᠭᠡᠵᠦ ᠨᠠᠶᠢᠳᠠᠵᠤ ᠪᠠᠶᠢᠨ᠎ᠠ᠃
ᠬᠡᠳᠦᠢ ᠪᠡᠷ᠂ ᠬᠢᠲᠠᠳ ᠨᠡᠭᠦᠷᠡᠰᠦᠨ ᠦ ᠦᠢᠯᠡᠳᠪᠦᠷᠢᠯᠡᠯ ᠢ ᠬᠢᠵᠠᠭᠠᠷᠯᠠᠵᠤ ᠪᠤᠢ ᠴᠤ ᠮᠣᠩᠭᠣᠯ ᠤᠯᠤᠰ ᠠᠴᠠ ᠨᠡᠭᠦᠷᠡᠰᠦ ᠢᠮᠫᠣᠷᠲᠯᠠᠵᠤ ᠪᠤᠢ ᠨᠢ ︽ᠪᠥᠰᠡ ᠪᠠ ᠵᠠᠮ︾ ᠢ ︽ᠬᠥᠭᠵᠢᠯ ᠦᠨ ᠵᠠᠮ︾ ᠲᠠᠢ ᠤᠶᠠᠯᠳᠤᠭᠤᠯᠵᠤ ᠪᠠᠶᠢᠭ᠎ᠠ ᠶᠢᠨ ᠢᠯᠡᠷᠡᠯ᠂ ᠬᠥᠷᠰᠢ ᠣᠷᠣᠨ ᠨᠤᠭᠤᠳ ᠲᠠᠢ ᠪᠠᠷᠢᠮᠲᠠᠯᠠᠳᠠᠭ  ︽ᠨᠠᠶᠢᠷᠰᠠᠭ᠂ ᠬᠦᠷᠲᠡᠭᠡᠮᠵᠢᠲᠡᠢ᠂ ᠦᠨᠡᠨᠴᠢ ᠰᠢᠳᠤᠷᠭᠤ︾ ᠭᠡᠬᠦ ᠪᠣᠳᠣᠯᠭ᠎ᠠ ᠶᠢᠨ ᠢᠯᠡᠷᠡᠯ ᠴᠤ ᠭᠡᠵᠦ ᠣᠶᠢᠯᠠᠭᠠᠵᠤ ᠪᠣᠯᠤᠨ᠎ᠠ᠃ ᠲᠤᠬᠠᠶᠢᠯᠠᠪᠠᠯ᠂  ᠱᠠᠨ ᠰᠢ ᠮᠤᠵᠢ ᠳᠤ ᠣᠯᠠᠨ ᠨᠡᠭᠦᠷᠡᠰᠦᠨ ᠦ ᠠᠭᠤᠷᠬᠠᠢ ᠶᠢ ᠬᠠᠭᠠᠭᠰᠠᠨ ᠪᠣᠯᠪᠠᠴᠤ ᠮᠣᠩᠭᠣᠯ ᠠᠴᠠ ᠨᠡᠭᠦᠷᠡᠰᠦ ᠢᠮᠫᠣᠷᠲᠯᠠᠭᠰᠠᠭᠠᠷ ᠪᠠᠶᠢᠭ᠎ᠠ᠃ ᠠᠭᠤᠯᠠ ᠠᠭᠤᠷᠬᠠᠢ ᠶᠢᠨ ᠪᠤᠰᠤ ᠪᠦᠲᠦᠭᠡᠭᠳᠡᠬᠦᠨ ᠢ ᠬᠢᠲᠠᠳ ᠲᠤ ᠡᠺᠰᠫᠣᠷᠲᠯᠠᠬᠤ ᠲᠠᠯ᠎ᠠ ᠳᠡᠭᠡᠷ᠎ᠡ ᠪᠢᠳᠡ ᠪᠠᠰᠠ ᠨᠠᠭᠠᠰᠢ ᠲᠠᠢ ᠪᠠᠶᠢᠷᠢ ᠰᠠᠭᠤᠷᠢ ᠪᠠᠷᠢᠮᠲᠠᠯᠠᠵᠤ ᠪᠠᠶᠢᠨ᠎ᠠ᠃ ᠢᠮᠫᠣᠷᠲ ᠤᠨ ᠪᠦᠲᠦᠭᠡᠭᠳᠡᠬᠦᠨ ᠦ ᠭᠠᠶᠢᠯᠢ ᠶᠢᠨ ᠲᠠᠲᠠᠪᠤᠷᠢ ᠶᠢ ᠪᠠᠭᠤᠷᠠᠭᠤᠯᠤᠭᠰᠠᠨ ᠪᠠᠶᠢᠭ᠎ᠠ᠃ ᠮᠥᠨ ᠡᠷᠢᠶᠡᠨ᠂ ᠵᠠᠮ ᠤᠨ-ᠡᠭᠦᠳᠡ ᠵᠡᠷᠭᠡ ᠪᠣᠭᠣᠮᠲᠠ ᠨᠤᠭᠤᠳ ᠲᠤ ᠴᠢᠯᠦᠭᠡᠲᠦ ᠬᠤᠳᠠᠯᠳᠤᠭᠠᠨ ᠤ  ᠪᠦᠰᠡ ᠪᠡᠷ ᠳᠠᠮᠵᠢᠭᠤᠯᠤᠨ ᠮᠣᠩᠭᠣᠯ ᠤᠨ ᠪᠦᠲᠦᠭᠡᠭᠳᠡᠬᠦᠨ ᠬᠢᠲᠠᠳ ᠤᠨ ᠲᠣᠮᠣ ᠵᠠᠬ᠎ᠠ ᠵᠡᠭᠡᠯᠢ ᠳᠦ ᠭᠠᠶᠢᠯᠢ ᠶᠢᠨ ᠮᠠᠰᠢ ᠪᠠᠭ᠎ᠠ  ᠲᠠᠷᠢᠹ ᠡᠰᠡᠪᠡᠯ ᠲᠠᠷᠢᠹ ᠦᠭᠡᠢ ᠪᠡᠷ ᠭᠠᠷᠭᠠᠬᠤ ᠨᠥᠬᠥᠴᠡᠯ ᠪᠣᠯᠤᠮᠵᠢ ᠪᠥᠷᠢᠳᠬᠦ ᠶᠤᠮ᠃ ᠡᠷᠢᠶᠡᠨ᠂ ᠵᠠᠮ ᠤᠨ-ᠡᠭᠦᠳᠡ ᠶᠢᠨ ᠴᠢᠯᠦᠭᠡᠲᠦ ᠪᠥᠰᠡ ᠶᠢ ᠠᠮᠵᠢᠯᠲᠠ ᠲᠠᠢ ᠬᠡᠷᠡᠭᠵᠢᠭᠦᠯᠵᠦ ᠴᠢᠳᠠᠪᠠᠯ ᠵᠡᠭᠦᠨ  ᠬᠤᠶᠢᠳᠤ  ᠠᠽᠢᠶ᠎ᠠ ᠳᠤ ᠪᠠᠨ ᠴᠤ ᠨᠢᠭᠡᠨ ᠰᠢᠨ᠎ᠡ ᠡᠳ᠋  ᠦᠨ ᠵᠠᠰᠠᠭ ᠤᠨ ᠪᠥᠰᠡ ᠪᠤᠢ ᠪᠣᠯᠬᠤ ᠶᠤᠮ᠃

ᠰᠡᠳᠬᠢᠭᠳᠡᠯ ᠦᠯᠡᠳᠡᠭᠡᠬᠦ