ᠮᠣᠩᠭᠣᠯ ᠪᠠᠩᠭᠢ ᠶᠢᠨ ᠶᠡᠷᠦᠩᠬᠡᠶᠢᠯᠡᠭᠴᠢ ᠨ∙ ᠪᠠᠶᠠᠷᠲᠤᠰᠠᠶᠢᠬᠠᠨ ᠲᠠᠢ ᠶᠠᠷᠢᠯᠴᠠᠯ᠎ᠠ᠃
ᠮᠣᠩᠭᠣᠯ ᠤᠯᠤᠰ ᠤᠨ ᠡᠳ᠋ ᠦᠨ ᠵᠠᠰᠠᠭ ᠤᠨ ᠪᠣᠳᠠᠲᠤ ᠥᠰᠦᠯᠲᠡ 2018 ᠣᠨ ᠳᠤ 6.9% ᠪᠠᠶᠢᠪᠠ᠃ ᠲᠠ ᠡᠨᠡᠬᠦ ᠦᠰᠦᠯᠲᠡ ᠳᠦ ᠦᠵᠡᠭᠦᠯᠦᠭᠰᠡᠨ ᠭᠠᠳᠠᠭᠠᠳᠤ ᠡᠳ᠋ ᠍ ᠦᠨ ᠵᠠᠰᠠᠭ ᠤᠨ ᠨᠥᠯᠥᠭᠡ ᠶᠢ ᠬᠡᠷᠬᠢᠨ ᠳ᠋ᠦᠩᠨᠡᠵᠦ᠂ ᠢᠷᠡᠬᠦ ᠣᠨ ᠤ ᠬᠠᠨᠳᠤᠯᠭ᠎ᠠ ᠶᠠᠮᠠᠷ ᠪᠠᠶᠢᠨ᠎ᠠ ᠭᠡᠵᠦ ᠦᠵᠡᠵᠦ ᠪᠠᠶᠢᠨ᠎ᠠ ᠪᠤᠢ ︖
ᠮᠠᠨ ᠤ ᠡᠳ᠋ ᠍ ᠦᠨ ᠵᠠᠰᠠᠭ ᠤᠨ ᠦᠰᠦᠯᠲᠡ ᠳᠦ ᠦᠵᠡᠭᠦᠯᠬᠦ ᠭᠠᠳᠠᠭᠠᠳᠤ ᠣᠷᠴᠢᠨ ᠤ ᠨᠥᠯᠥᠭᠡ ᠮᠠᠰᠢ ᠶᠡᠬᠡ ᠪᠠᠶᠢᠳᠠᠭ᠃ ᠤᠴᠢᠷ ᠨᠢ ᠮᠣᠩᠭᠣᠯ ᠤᠯᠤᠰ ᠤᠨ ᠨᠡᠶᠢᠲᠡ ᠡᠺᠰᠫᠣᠷᠲ ᠤᠨ 90 ᠣᠷᠴᠢᠮ ᠬᠤᠪᠢ ᠶᠢ ᠵᠥᠪᠬᠡᠨ ᠠᠭᠤᠯᠠ ᠠᠭᠤᠷᠬᠠᠢ ᠶᠢᠨ ᠰᠠᠯᠪᠤᠷᠢ ᠳᠠᠩ ᠢᠶᠠᠷ ᠢᠶᠠᠨ ᠪᠦᠷᠢᠳᠦᠭᠦᠯᠵᠦ ᠪᠠᠶᠢᠨ᠎ᠠ᠃ 2018 ᠣᠨ ᠳᠦ ᠮᠣᠩᠭᠣᠯ ᠤᠯᠤᠰ ᠲᠡᠦᠬᠡᠨ ᠳᠦ ᠪᠠᠶᠢᠭ᠎ᠠ ᠦᠭᠡᠢ ᠳᠡᠭᠡᠳᠦ ᠪᠤᠶᠤ 7.0 ᠲᠡᠷᠪᠤᠮ ᠳ᠋ᠣᠯᠯᠠᠷ ᠤᠨ ᠡᠺᠰᠫᠣᠷᠲ ᠬᠢᠭᠰᠡᠨ ᠨᠢ 2017 ᠣᠨ ᠤ ᠬᠢ ᠲᠠᠢ ᠬᠠᠷᠢᠴᠠᠭᠤᠯᠬᠤ ᠳᠤ 800 ᠰᠠᠶ᠎ᠠ ᠳ᠋ᠣᠯᠯᠠᠷ ᠢᠶᠠᠷ᠂ 2016 ᠣᠨ ᠤ ᠬᠢ ᠠᠴᠠ ᠳᠠᠷᠤᠢ 2.1 ᠲᠡᠷᠪᠤᠮ ᠳ᠋ᠣᠯᠯᠠᠷ ᠢᠶᠠᠷ ᠨᠡᠮᠡᠭᠳᠡᠭᠰᠡᠨ ᠪᠠᠶᠢᠨ᠎ᠠ᠃ ᠡᠭᠦᠨ ᠳᠦ ᠦᠨ᠎ᠡ ᠶᠢᠨ ᠪᠣᠯᠤᠨ ᠪᠡᠶᠡᠲᠦ ᠬᠡᠮᠵᠢᠶᠡᠨ ᠦ ᠥᠰᠦᠯᠲᠡ ᠠᠯᠢ ᠠᠯᠢ ᠨᠢ ᠨᠦᠯᠦᠭᠡᠯᠡᠯᠡ᠃ ᠲᠤᠬᠠᠶᠢᠯᠠᠪᠠᠯ᠂ ᠳᠡᠯᠡᠬᠡᠢ ᠶᠢᠨ ᠵᠠᠬ᠎ᠠ ᠵᠡᠭᠡᠯᠢ ᠳᠡᠭᠡᠷᠡᠬᠢ ᠨᠢᠭᠡ ᠲᠣᠨ ᠵᠡᠰ ᠦᠨ ᠦᠨ᠎ᠡ 2017 ᠣᠨ ᠳᠤ ᠳᠤᠮᠳᠠᠴᠢ ᠪᠠᠷ 6166 ᠳ᠋ᠣᠯᠯᠠᠷ ᠪᠠᠶᠢᠭᠰᠠᠨ ᠪᠣᠯ 2018 ᠣᠨ ᠳᠤ 6530 ᠳ᠋ᠣᠯᠯᠠᠷ᠂ ᠴᠢᠯᠠᠭᠤᠨ ᠨᠡᠭᠦᠷᠡᠰᠦᠨ ᠦ ᠬᠢᠯᠢ ᠶᠢᠨ ᠦᠨ᠎ᠡ 2017 ᠣᠨ ᠳᠤ ᠳᠤᠮᠳᠠᠴᠢ ᠪᠠᠷ ᠨᠢᠭᠡ ᠲᠣᠨ ᠨᠢ 69ᠳ᠋ᠣᠯᠯᠠᠷ ᠪᠠᠶᠢᠭᠰᠠᠨ ᠪᠣᠯ 2018 ᠣᠨ ᠳᠤ ᠳᠤᠮᠳᠠᠴᠢ ᠪᠠᠷ 78 ᠳ᠋ᠣᠯᠯᠠᠷ ᠪᠠᠶᠢᠭᠰᠠᠨ ᠵᠡᠷᠭᠡ ᠭᠣᠣᠯᠯᠠᠬᠤ ᠲᠦᠭᠦᠬᠡᠢ ᠡᠳ᠋ ᠍ ᠦᠨ ᠦᠨ᠎ᠡ ᠥᠩᠭᠡᠷᠡᠭᠰᠡᠨ 2018 ᠣᠨ ᠳᠤ ᠥᠨᠳᠥᠷ ᠥᠰᠦᠯᠲᠡ ᠲᠡᠢ ᠪᠠᠶᠢᠯ᠎ᠠ᠃
2019 ᠣᠨ ᠤ 1 ᠳ᠋ᠤᠭᠡᠷ ᠰᠠᠷ᠎ᠠ ᠶᠢᠨ ᠪᠠᠶᠢᠳᠠᠯ ᠢᠶᠠᠷ ᠵᠡᠰ ᠦᠨ ᠦᠨ᠎ᠡ ᠪᠠᠭ᠎ᠠ ᠵᠡᠷᠭᠡ ᠶᠢᠨ ᠪᠠᠭᠤᠷᠠᠯᠲᠠ ᠠᠵᠢᠭᠯᠠᠭᠳᠠᠵᠤ ᠪᠠᠶᠢᠭ᠎ᠠ ᠬᠡᠳᠦᠢ ᠴᠤ᠂ ᠴᠢᠯᠠᠭᠤᠨ ᠨᠡᠭᠦᠷᠡᠰᠦᠨ ᠦ ᠦᠨ᠎ᠡ 80 ᠳ᠋ᠣᠯᠯᠠᠷ ᠪᠤᠶᠤ ᠡᠮᠦᠨᠡᠬᠢ ᠵᠢᠯ ᠦᠨ ᠥᠨᠳᠥᠷ ᠥᠰᠦᠯᠲᠡ ᠶᠢ ᠬᠠᠳᠠᠭᠠᠯᠠᠭᠰᠠᠨ ᠬᠡᠪ ᠢᠶᠡᠷ ᠪᠠᠶᠢᠨ᠎ᠠ᠃ ᠲᠣᠭ᠎ᠠ ᠬᠡᠮᠵᠢᠶᠡᠨ ᠦ ᠬᠤᠪᠢ ᠳᠤ ᠨᠡᠭᠦᠷᠡᠰᠦᠨ ᠦ ᠡᠺᠰᠫᠣᠷᠲ 36 ᠰᠠᠶ᠎ᠠ ᠲᠣᠨ ᠳᠤ ᠬᠦᠷᠦᠭᠰᠡᠨ ᠨᠢ ᠬᠠᠮᠤᠭ ᠤᠨ ᠣᠷᠭᠢᠯ ᠬᠡᠮᠵᠢᠶ᠎ᠡ ᠪᠣᠯᠵᠤ᠂ 16 ᠬᠤᠪᠢ ᠶᠢᠨ ᠥᠰᠦᠯᠲᠡ ᠲᠡᠢ ᠭᠠᠷᠤᠭᠰᠠᠨ ᠪᠥᠭᠡᠳ ᠡᠨᠡ ᠣᠨ ᠳᠤ ᠴᠤ ᠮᠥᠨ ᠡᠨᠡ ᠳ᠋ᠦᠩ ᠬᠠᠳᠠᠭᠠᠯᠠᠭᠳᠠᠬᠤ ᠲᠥᠯᠥᠪᠲᠡᠢ᠃ ᠡᠺᠰᠫᠣᠷᠲ ᠤᠨ ᠡᠨᠡᠬᠦ ᠥᠰᠦᠯᠲᠡ ᠨᠢ ᠳᠣᠲᠣᠭᠠᠳᠤ ᠶᠢᠨ ᠡᠳ᠋ ᠦᠨ ᠵᠠᠰᠠᠭ ᠤᠨ ᠢᠳᠡᠪᠬᠢᠵᠢᠯ ᠢ ᠪᠤᠢ ᠪᠣᠯᠭᠠᠭᠠᠳ ᠵᠣᠭᠰᠣᠬᠤ ᠦᠭᠡᠢ᠂ ᠪᠤᠰᠤᠳ ᠰᠠᠯᠪᠤᠷᠢ ᠳᠤ ᠡᠶᠡᠷᠭᠦ ᠳᠠᠮ ᠨᠥᠯᠥᠭᠡ ᠦᠵᠡᠭᠦᠯᠦᠯ᠎ᠡ᠃ ᠮᠥᠨ ᠮᠠᠯ ᠠᠵᠤ ᠠᠬᠤᠢ ᠶᠢᠨ ᠰᠠᠯᠪᠤᠷᠢ ᠶᠢᠨ ᠪᠦᠲᠦᠭᠡᠭᠳᠡᠬᠦᠨ ᠦ ᠡᠺᠰᠫᠣᠷᠲ ᠲᠡᠦᠬᠡᠨ ᠳᠡᠭᠡᠳᠦ ᠲᠦᠪᠰᠢᠨ ᠳᠦ ᠪᠤᠶᠤ 477 ᠰᠠᠶ᠎ᠠ ᠳ᠋ᠣᠯᠯᠠᠷ ᠲᠤ ᠬᠦᠷᠦᠭᠰᠡᠨ ᠨᠢ ᠡᠨᠡ ᠰᠠᠯᠪᠤᠷᠢ ᠶᠢᠨ ᠨᠥᠭᠡᠴᠡ ᠪᠣᠯᠤᠮᠵᠢ ᠶᠡᠬᠡ ᠪᠠᠶᠢᠭ᠎ᠠ ᠶᠢ ᠬᠠᠷᠠᠭᠤᠯᠵᠤ ᠪᠠᠶᠢᠨ᠎ᠠ᠃ ᠴᠢᠨᠠᠭᠰᠢᠳᠠ ᠴᠤ ᠡᠨᠡᠬᠦ ᠰᠠᠯᠪᠤᠷᠢ ᠶᠢᠨ ᠥᠰᠦᠯᠲᠡ ᠶᠢ ᠳᠡᠮᠵᠢᠬᠦ ᠪᠣᠯᠤᠨ᠎ᠠ᠃
ᠮᠠᠨ ᠤ ᠤᠯᠤᠰ ᠲᠤ ᠭᠠᠳᠠᠭᠠᠳᠤ ᠤᠯᠤᠰ ᠤᠳ ᠤᠨ ᠰᠢᠭᠤᠳ ᠬᠥᠷᠥᠩᠭᠡ ᠣᠷᠣᠭᠤᠯᠤᠯᠲᠠ ᠪᠣᠯᠤᠨ ᠪᠤᠰᠤᠳ ᠰᠠᠩᠬᠦᠦᠵᠢᠯᠲᠡ ᠶᠢᠨ ᠤᠷᠤᠬᠤ ᠤᠷᠤᠰᠬᠠᠯ ᠨᠡᠮᠡᠭᠳᠡᠵᠦ ᠪᠠᠶᠢᠨ᠎ᠠ᠃ ᠡᠭᠦᠨ ᠦ ᠦᠷ᠎ᠡ ᠨᠥᠯᠥᠭᠡ ᠶᠢ ᠲᠠ ᠬᠡᠷᠬᠢᠨ ᠳ᠋ᠦᠩᠨᠡᠵᠦ ᠪᠠᠶᠢᠨ᠎ᠠ ᠪᠤᠢ ︖
2018 ᠣᠨ ᠰᠠᠩᠬᠦᠦ᠂ ᠬᠥᠷᠥᠩᠭᠡ ᠣᠷᠣᠭᠤᠯᠤᠯᠲᠠ ᠶᠢᠨ ᠣᠷᠴᠢᠨ ᠲᠠᠭᠠᠲᠠᠢ ᠵᠢᠯ ᠪᠣᠯᠤᠯ᠎ᠠ᠃ ᠲᠤᠬᠠᠶᠢᠯᠠᠪᠠᠯ᠂ ᠬᠠᠮᠤᠭ ᠤᠨ ᠰᠡᠭᠦᠯ ᠦᠨ ᠪᠠᠶᠢᠳᠠᠯ ᠢᠶᠠᠷ ᠰᠲ᠋ᠠᠨᠳᠠᠷᠲ ᠡᠨᠳ᠋ ᠫᠦᠦᠷᠰ ᠠᠭᠧᠨᠲᠯᠢᠭ ᠮᠠᠨ ᠤ ᠤᠯᠤᠰ ᠤᠨ ᠵᠢᠭᠡᠯᠡᠵᠢᠬᠦ ᠵᠡᠷᠭᠡᠯᠡᠯ ᠦᠨ ᠦᠨᠡᠯᠡᠭᠡ ᠶᠢ B- ᠪᠠᠶᠢᠭᠰᠠᠨ ᠢ B ᠪᠣᠯᠭᠠᠨ ᠳᠡᠭᠡᠭᠰᠢᠯᠡᠭᠦᠯᠦᠭᠰᠡᠨ ᠳᠦ ᠪᠢᠳᠡ ᠥᠩᠭᠡᠷᠡᠭᠰᠡᠨ ᠣᠨ ᠳᠤ ︽ᠴᠢᠩᠭᠢᠰ︾ ᠪᠣᠯᠤᠨ ︽ᠳ᠋ᠢᠮ ᠰᠠᠮ︾ ᠪᠤᠨᠳ᠋ ᠤᠨ ᠦᠨᠳᠦᠰᠦᠨ ᠲᠥᠯᠥᠪᠦᠷᠢ ᠨᠦᠭᠦᠳ ᠢ ᠠᠮᠵᠢᠯᠲᠠ ᠲᠠᠢ ᠲᠥᠯᠦᠵᠦ ᠪᠠᠷᠠᠭᠳᠠᠭᠤᠯᠤᠭᠰᠠᠨ᠂ ᠮᠣᠩᠭᠣᠯ ᠤᠯᠤᠰ ᠤᠨ ᠰᠢᠭᠤᠳ ᠬᠦᠷᠦᠩᠭᠡ ᠤᠷᠤᠭᠤᠯᠤᠯᠲᠠ ᠶᠢᠨ ᠤᠷᠤᠬᠤ ᠴᠡᠪᠡᠷ ᠤᠷᠤᠰᠬᠠᠯ 2018 ᠣᠨ ᠳᠤ 1.9 ᠲᠡᠷᠪᠤᠮ ᠳ᠋ᠣᠯᠯᠠᠷ ᠪᠠᠶᠢᠭᠰᠠᠨ ᠵᠡᠷᠭᠡ ᠨᠦᠯᠦᠭᠡᠯᠡᠪᠡ᠃ ᠡᠭᠦᠨ ᠲᠡᠢ ᠤᠶᠠᠯᠳᠤᠨ ᠬᠥᠷᠥᠩᠭᠡ ᠣᠷᠣᠭᠤᠯᠤᠭᠴᠢᠳ ᠤᠨ ᠢᠲᠡᠭᠡᠯ ᠨᠡᠮᠡᠭᠳᠡᠭᠰᠡᠨ᠂ ᠣᠯᠠᠨ ᠤᠯᠤᠰ ᠤᠨ ᠸᠠᠯᠢᠶᠤᠲ ᠤᠨ ᠰᠠᠩ ᠦᠨ ᠥᠷᠭᠡᠳᠬᠡᠭᠰᠡᠨ ᠰᠠᠩᠬᠦᠦᠵᠢᠯᠲᠡ ᠶᠢᠨ ᠬᠥᠲᠥᠯᠪᠦᠷᠢ ᠳᠦ ᠠᠮᠵᠢᠯᠲᠠ ᠲᠠᠢ ᠬᠠᠮᠤᠷᠤᠭᠳᠠᠵᠤ᠂ ᠣᠯᠠᠨ ᠤᠯᠤᠰ ᠤᠨ ᠸᠠᠯᠢᠶᠤᠲ ᠤᠨ ᠰᠠᠩ ᠲᠡᠳᠦᠢ ᠦᠭᠡᠢ᠂ ᠪᠤᠰᠤᠳ ᠣᠷᠣᠨ ᠲᠠᠢ ᠡᠳ᠋ ᠦᠨ ᠵᠠᠰᠠᠭ ᠤᠨ ᠬᠤᠪᠢ ᠳᠤ ᠨᠠᠭᠠᠰᠢ ᠲᠠᠢ ᠬᠡᠯᠡᠯᠴᠡᠭᠡᠷ ᠦᠳ ᠢ ᠬᠢᠭᠰᠡᠨ ᠢᠶᠡᠷ ᠡᠨᠡ ᠣᠨ ᠪᠣᠯᠤᠨ ᠢᠷᠡᠬᠦ ᠣᠨ ᠳᠤ ᠴᠤ ᠮᠣᠩᠭᠣᠯ ᠢ ᠴᠢᠭᠯᠡᠭᠰᠡᠨ ᠬᠥᠷᠥᠩᠭᠡ ᠶᠢᠨ ᠤᠷᠤᠰᠬᠠᠯ ᠥᠨᠳᠥᠷ ᠲᠦᠪᠰᠢᠨ ᠳᠦ ᠬᠠᠳᠠᠭᠠᠯᠠᠭᠳᠠᠬᠤ ᠲᠥᠯᠥᠪᠲᠡᠢ ᠪᠠᠶᠢᠨ᠎ᠠ᠃
ᠡᠳ᠋ ᠦᠨ ᠵᠠᠰᠠᠭ 2019 ᠣᠨ ᠳᠤ ᠶᠠᠮᠠᠷ ᠪᠠᠶᠢᠬᠤ ᠪᠠᠷ ᠲᠥᠰᠥᠭᠡᠯᠡᠭᠳᠡᠵᠦ ᠪᠠᠶᠢᠨ᠎ᠠ ᠪᠤᠢ ︖
2019 ᠣᠨ ᠤ ᠡᠳ᠋ ᠦᠨ ᠵᠠᠰᠠᠭ ᠤᠨ ᠥᠰᠦᠯᠲᠡ ᠶᠢ ᠥᠩᠭᠡᠷᠡᠭᠰᠡᠨ ᠵᠢᠯ ᠦᠨ ᠥᠰᠦᠯᠲᠡ ᠲᠡᠢ ᠠᠳᠠᠯᠢ ᠭᠡᠰᠡᠨ ᠲᠠᠭᠠᠮᠠᠭᠯᠠᠯ ᠪᠠᠶᠢᠨ᠎ᠠ᠃ 2017-2018 ᠣᠨ ᠳᠤ ᠬᠢᠭᠳᠡᠭᠰᠡᠨ ᠲᠣᠮᠣᠬᠠᠨ ᠬᠥᠷᠥᠩᠭᠡ ᠣᠷᠣᠭᠤᠯᠤᠯᠲᠠ ᠨᠤᠭᠤᠳ ᠤᠨ ᠦᠷ᠎ᠡ ᠨᠥᠯᠥᠭᠡ 2019-2020 ᠣᠨ ᠤ ᠡᠳ᠋᠍ ᠦᠨ ᠵᠠᠰᠠᠭ ᠤᠨ ᠦᠰᠦᠯᠲᠡ ᠳᠦ ᠰᠠᠶᠢᠨ ᠢᠶᠠᠷ ᠨᠦᠯᠦᠭᠡᠯᠡᠬᠦ ᠪᠠᠶᠢᠬᠤ᠃ ᠠᠵᠤ ᠠᠬᠤᠢ ᠶᠢᠨ ᠨᠢᠭᠡᠴᠡ ᠨᠦᠭᠦᠳ ᠦᠨ ᠲᠣᠮᠣ ᠬᠥᠷᠥᠩᠭᠡ ᠣᠷᠣᠭᠤᠯᠤᠯᠲᠠ ᠶᠢᠨ ᠵᠠᠷᠤᠳᠠᠯ ᠪᠠᠭ᠎ᠠ ᠪᠠᠶᠢᠵᠤ᠂ ᠡᠮᠦᠨ᠎ᠡ ᠨᠢ ᠬᠢᠭᠳᠡᠭᠡᠳ ᠪᠠᠶᠢᠭ᠎ᠠ ᠦᠨᠳᠦᠰᠦᠨ ᠬᠥᠷᠥᠩᠭᠡ ᠨᠦᠭᠦᠳ ᠢᠶᠡᠨ ᠠᠰᠢᠭᠯᠠᠭᠠᠳ ᠶᠠᠪᠤᠨ᠎ᠠ᠃ ᠲᠡᠭᠦᠨᠴᠢᠯᠡᠨ ᠡᠷᠭᠢᠯᠲᠡ ᠶᠢᠨ ᠬᠥᠷᠥᠩᠭᠡ ᠶᠢᠨ ᠰᠠᠩᠬᠦᠦᠵᠢᠯᠲᠡ ᠨᠦᠭᠦᠳ ᠨᠢ ᠪᠠᠩᠬᠢᠨ ᠤ ᠵᠢᠭᠡᠯᠡ ᠪᠡᠷ ᠳᠠᠮᠵᠢᠨ ᠲᠠᠰᠤᠷᠠᠯᠲᠠ ᠦᠭᠡᠢ ᠬᠢᠭᠳᠡᠭᠡᠳ ᠶᠠᠪᠤᠬᠤ ᠨᠥᠬᠥᠴᠡᠯ ᠪᠥᠷᠢᠳᠴᠦ ᠪᠠᠶᠢᠭ᠎ᠠ᠃ ᠢᠷᠭᠡᠳ ᠦᠨ ᠬᠡᠷᠡᠭᠯᠡᠭᠡᠨ ᠦ ᠵᠣᠷᠢᠭᠤᠯᠤᠯᠲᠠ ᠲᠠᠢ ᠪᠠᠶᠢᠭᠰᠠᠨ ᠵᠢᠭᠡᠯᠡ ᠨᠦᠭᠦᠳ ᠨᠢ ᠠᠵᠤ ᠠᠬᠤᠢ ᠶᠢᠨ ᠨᠢᠭᠡᠴᠡ ᠨᠦᠭᠦᠳ ᠦᠨ ᠪᠢᠽᠢᠨᠧᠰ ᠤᠷᠤᠭᠤ ᠢᠯᠡᠭᠦᠦ ᠲᠡᠢ ᠴᠢᠭᠯᠡᠨ᠎ᠡ᠃ ᠪᠠᠩᠬᠢᠨ ᠤ ᠰᠢᠰᠲ᠋ᠧᠮ ᠡᠴᠡ ᠡᠳ᠋ ᠍ ᠦᠨ ᠵᠠᠰᠠᠭ ᠲᠤ ᠨᠡᠶᠢᠯᠡᠭᠦᠯᠬᠦ ᠵᠢᠭᠡᠯᠡ ᠶᠢᠨ ᠥᠰᠦᠯᠲᠡ ᠨᠢ 2019 ᠣᠨ ᠳᠤ ᠡᠮᠦᠨᠡᠬᠢ ᠣᠨ ᠲᠠᠢ ᠠᠳᠠᠯᠢ ᠪᠠᠷ 20 ᠣᠷᠴᠢᠮ ᠬᠤᠪᠢ ᠲᠠᠢ ᠪᠠᠶᠢᠬᠤ ᠪᠣᠯᠪᠠ ᠤᠤ᠃