ᠺᠤᠷᠠᠱ ᠪᠥᠬᠡ ᠶᠢᠨ ᠪᠠᠷᠢᠯᠳᠤᠭᠠᠨ ᠳᠤ ᠳ∙ᠠᠨᠠᠷ ᠲᠦᠷᠦᠭᠦᠯᠡᠵᠡᠢ | News.MN

ᠺᠤᠷᠠᠱ ᠪᠥᠬᠡ ᠶᠢᠨ ᠪᠠᠷᠢᠯᠳᠤᠭᠠᠨ ᠳᠤ ᠳ∙ᠠᠨᠠᠷ ᠲᠦᠷᠦᠭᠦᠯᠡᠵᠡᠢ

ᠰᠠᠦ᠋ᠳᠢ ᠠᠷᠠᠪ ᠤᠯᠤᠰ ᠤᠨ ᠡᠷᠷᠢᠶᠠᠳ᠋ ᠬᠤᠳᠠ ᠳᠤ ᠠᠪᠳᠤᠯᠠᠾ ᠬᠠᠭᠠᠨ ᠤ ᠨᠡᠷᠡᠮᠵᠢᠲᠦ ᠣᠯᠠᠨ ᠤᠯᠤᠰ ᠤᠨ World folk vision ᠨᠠᠭᠠᠳᠤᠮ ᠥᠴᠥᠭᠡᠳᠦᠷ ᠥᠨᠳᠥᠷᠯᠡᠯ᠎ᠡ᠃ ᠠᠷᠪᠠ ᠬᠣᠨᠣᠭ ᠤᠨ ᠲᠤᠷᠰᠢ ᠪᠣᠯᠤᠭᠰᠠᠨ ᠨᠠᠭᠠᠳᠤᠮ ᠤᠨ ᠪᠥᠬᠡ ᠶᠢᠨ ᠲᠥᠷᠥᠯ ᠳᠦ ᠶᠢᠰᠦᠨ ᠣᠷᠣᠨ ᠤ ᠲᠠᠮᠢᠷᠴᠢᠳ ᠶᠢᠰᠦᠨ ᠲᠥᠷᠥᠯ ᠳᠦ ᠥᠷᠢᠰᠦᠯᠳᠦᠵᠡᠢ᠃ ᠪᠥᠬᠡᠴᠦᠳ ᠵᠥᠪᠬᠡᠨ ᠬᠦᠨᠳᠦ ᠵᠢᠩ ᠳᠦ ᠠᠵᠠᠷᠪᠠᠶᠢᠵᠠᠨ ᠤ ᠭᠤᠯᠸᠱ᠂ ᠣᠷᠣᠰ ᠤᠨ ᠰᠠᠮᠪᠣ᠂ ᠦᠽᠪᠸᠺᠰᠲ᠋ᠠᠨ ᠤ  ᠺᠤᠷᠠᠱ᠂ ᠺᠢᠷᠭᠢᠽᠰᠲ᠋ᠠᠨ ᠤ ᠺᠤᠷᠠᠱ᠂ ᠠᠯᠧᠱ᠂ ᠲᠦᠷᠺᠮᠸᠨᠢᠰᠲ᠋ᠠᠨ ᠤ ᠭᠣᠷᠧᠱ᠂ ᠲᠠᠵᠢᠺᠰᠲ᠋ᠠᠨ ᠤ ᠭᠤᠱᠲ᠋ᠢᠨᠢ᠂ ᠰᠣᠯᠣᠩᠭᠣᠰ ᠤᠨ  ᠱᠢᠷᠢᠮ ᠂ ᠮᠣᠩᠭᠣᠯ ᠪᠥᠬᠡ ᠶᠢᠨ ᠲᠥᠷᠥᠯ ᠦᠳ ᠢᠶᠡᠷ ᠦᠷᠢᠰᠦᠯᠳᠦᠵᠤ ᠂ ᠤᠯᠤᠰ ᠤᠨ ᠨᠠᠴᠢᠨ ᠪ∙ᠰᠧᠷᠢᠺ ᠭᠤᠯᠸᠱ ᠲᠥᠷᠥᠯ ᠢᠶᠡᠷ᠂ ᠪ ∙ ᠪᠠᠲᠤ-ᠣᠷᠭᠢᠬᠤ ᠱᠢᠷᠢᠮ ᠲᠥᠷᠥᠯ ᠢᠶᠡᠷ ᠲᠤᠰ ᠪᠦᠷᠢ ᠮᠥᠩᠭᠥᠨ ᠮᠧᠳᠠᠯ ᠬᠦᠷᠲᠡᠵᠡᠢ᠃ ᠮᠥᠨ ᠤᠯᠤᠰ ᠤᠨ ᠨᠠᠴᠢᠨ ᠳ∙ᠠᠨᠠᠷ ᠠᠯᠧᠱ ᠪᠥᠬᠡ ᠶᠢᠨ ᠲᠥᠷᠥᠯ ᠳᠦ  ᠬᠦᠷᠡᠯ ᠮᠧᠳᠠᠯ ᠠᠪᠤᠭᠰᠠᠨ ᠠᠴᠠ ᠭᠠᠳᠠᠨ᠎ᠠ ᠲᠤᠰ ᠨᠠᠭᠠᠳᠤᠮ ᠤᠨ ᠬᠠᠮᠤᠭ ᠤᠨ ᠥᠨᠳᠥᠷ ᠱᠠᠩᠨᠠᠯ ᠲᠠᠢ ᠲᠡᠮᠡᠴᠡᠭᠡᠨ ᠳᠦ ᠲᠦᠷᠦᠭᠦᠯᠡᠭᠰᠡᠨ ᠪᠠᠶᠢᠨ᠎ᠠ᠃ ᠲᠡᠮᠡᠴᠡᠭᠡᠨ ᠦ ᠰᠡᠭᠦᠯ ᠦᠨ ᠡᠳᠦᠷ ᠪᠤᠶᠤ ᠥᠴᠥᠭᠡᠳᠦᠷ ᠪᠣᠯᠤᠭᠰᠠᠨ 10 ᠮᠢᠩᠭᠠᠨ ᠳ᠋ᠣᠯᠯᠠᠷ ᠤᠨ ᠱᠠᠩᠨᠠᠯ ᠤᠨ ᠰᠠᠩ ᠲᠠᠢ ᠺᠢᠷᠭᠢᠽ ᠺᠤᠷᠠᠱ ᠲᠥᠷᠥᠯ ᠦᠨ ᠪᠠᠷᠢᠯᠳᠤᠭᠠᠨ ᠳᠤ ᠳ∙ᠠᠨᠠᠷ᠂ ᠪ∙ᠰᠧᠷᠢᠺ ᠨᠠᠷ ᠦᠯᠡᠳᠡᠵᠡᠢ᠃ ᠰᠢᠢᠳᠪᠦᠷᠢᠯᠡᠬᠦ ᠪᠠᠷᠢᠯᠳᠤᠭᠠᠨ ᠳᠤ ᠳ∙ᠠᠨᠠᠷ ᠳᠠᠪᠠᠭᠰᠠᠨ ᠢᠶᠠᠷ 10 ᠮᠢᠩᠭᠠᠨ ᠳ᠋ᠣᠯᠯᠠᠷ ᠤᠨ ᠱᠠᠩᠨᠠᠯ ᠠᠪᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ