︽ᠤᠶᠠᠭᠠᠴᠢᠳ ᠳᠠᠭᠤᠯᠠᠵᠤ ᠪᠠᠶᠢᠨ᠎ᠠ︾ ᠤᠷᠤᠯᠳᠤᠭᠠᠨ ᠰᠤᠮᠤᠨ ᠳᠤ  ᠪᠤᠯᠤᠯ᠎ᠠ | News.MN

︽ᠤᠶᠠᠭᠠᠴᠢᠳ ᠳᠠᠭᠤᠯᠠᠵᠤ ᠪᠠᠶᠢᠨ᠎ᠠ︾ ᠤᠷᠤᠯᠳᠤᠭᠠᠨ ᠰᠤᠮᠤᠨ ᠳᠤ  ᠪᠤᠯᠤᠯ᠎ᠠ

ᠳᠤᠮᠳᠠᠭᠤᠪᠢ ᠠᠶᠢᠮᠠᠭ ᠤᠨ ᠦᠨᠳᠦᠷᠰᠢᠯᠢ ᠰᠤᠮᠤ ᠶᠢᠨ ᠰᠤᠶᠤᠯ ᠤᠨ ᠲᠥᠪ ᠡᠴᠡ ︽ᠤᠶᠠᠭᠠᠴᠢᠳ ᠳᠠᠭᠤᠯᠠᠵᠤ ᠪᠠᠶᠢᠨ᠎ᠠ︾ ᠤᠷᠤᠯᠳᠤᠭᠠᠨ ᠢ ᠰᠤᠮᠤᠨ ᠳᠤ ᠪᠠᠨ ᠠᠩᠬ᠎ᠠ ᠤᠳᠠᠭ᠎ᠠ ᠵᠣᠬᠢᠶᠠᠨ ᠪᠠᠶᠢᠭᠤᠯᠵᠤ᠂ 13 ᠤᠶᠠᠭᠠᠴᠢ᠂ ᠮᠠᠯᠴᠢᠨ ᠵᠠᠯᠠᠭᠤᠰ ᠣᠷᠣᠯᠴᠠᠨ ᠠᠪᠢᠶᠠᠰ ᠴᠢᠳᠠᠪᠤᠷᠢ ᠪᠠᠷ ᠢᠶᠠᠨ ᠥᠷᠢᠰᠦᠯᠳᠦᠵᠡᠢ ᠃ ᠲᠤᠰ ᠰᠤᠮᠤ 1924 ᠣᠨ ᠳᠤ ᠠᠩᠬ᠎ᠠ ᠪᠠᠶᠢᠭᠤᠯᠤᠭᠳᠠᠵᠤ᠂ ᠡᠨᠡ ᠵᠢᠯ 95 ᠵᠢᠯ ᠦᠨ ᠣᠢ ᠨᠢ ᠲᠣᠬᠢᠶᠠᠵᠤ ᠪᠠᠶᠢᠭ᠎ᠠ ᠪᠥᠭᠡᠳ ᠣᠢ ᠶᠢᠨ ᠡᠨᠡ ᠪᠠᠶᠠᠷ ᠨᠢ ᠲᠤᠰ ᠰᠤᠮᠤ ᠲᠦᠮᠡᠨ ᠠᠳᠤᠭᠤ ᠲᠠᠢ ᠪᠣᠯᠤᠭᠰᠠᠨ  ᠪᠠᠶᠠᠷᠲᠤ ᠦᠢᠯᠡ ᠶᠠᠪᠤᠳᠠᠯ ᠲᠠᠢ ᠳᠠᠪᠬᠤᠴᠠᠵᠤ᠂  ︽ᠲᠦᠮᠡᠨ ᠠᠳᠤᠭᠤᠨ ᠤ ᠪᠠᠶᠠᠷ ︾ ᠍ ᠢᠶᠠᠨ ᠢᠷᠡᠬᠦ 7 ᠳ᠋ᠤᠭᠠᠷ ᠰᠠᠷ᠎ᠠ ᠳᠤ ᠵᠣᠬᠢᠶᠠᠨ ᠪᠠᠶᠢᠭᠤᠯᠬᠤ ᠪᠠᠷ ᠲᠥᠯᠥᠪᠯᠡᠵᠦ ᠪᠠᠶᠢᠭ᠎ᠠ  ᠠᠵᠠᠢ ᠃ ᠲᠡᠶᠢᠮᠦ ᠡᠴᠡ ᠲᠤᠰ ᠰᠤᠮᠤ ᠶᠢᠨ ᠬᠢᠨ ᠡᠨᠡᠬᠦ ᠪᠠᠶᠠᠷᠲᠤ ᠦᠢᠯᠡ ᠶᠠᠪᠤᠳᠠᠯ ᠢ ᠤᠭᠲᠤᠨ ᠤᠶᠠᠭᠠᠴᠢᠳ ᠤᠨ ᠢᠶᠠᠨ ᠳᠤᠮᠳᠠ ︽ᠤᠶᠠᠭᠠᠴᠢᠳ ᠳᠠᠭᠤᠯᠠᠵᠤ ᠪᠠᠶᠢᠨ᠎ᠠ ︾ ᠤᠷᠤᠯᠳᠤᠭᠠᠨ ᠢᠶᠠᠨ ᠡᠶᠢᠨ ᠬᠦ ᠵᠣᠬᠢᠶᠠᠨ ᠪᠠᠶᠢᠭᠤᠯᠤᠭᠰᠠᠨ ᠪᠠᠶᠢᠨ᠎ᠠ᠃
ᠤᠷᠤᠯᠳᠤᠭᠠᠨ ᠳᠤ ᠣᠷᠣᠯᠴᠠᠭᠴᠢᠳ ᠡᠬᠢᠨ ᠦ ᠦᠶ᠎ᠡ ᠱᠠᠲᠤᠨ ᠳᠤ ᠥᠪᠡᠷ ᠦᠨ ᠬᠠᠮᠤᠭ ᠤᠨ ᠰᠠᠶᠢᠨ ᠳᠠᠭᠤᠯᠠᠵᠤ ᠴᠢᠳᠠᠬᠤ ᠳᠠᠭᠤᠤ ᠪᠠᠷ ᠢᠶᠠᠨ ᠣᠷᠣᠯᠴᠠᠭᠰᠠᠨ ᠪᠣᠯ 2 ᠳ᠋ᠤᠭᠠᠷ ᠦᠶ᠎ᠡ ᠱᠠᠲᠤᠨ ᠳᠤ ᠬᠥᠭᠵᠢᠮ ᠦᠭᠡᠢ ᠳᠠᠭᠤᠯᠠᠵᠤ᠂  ᠦᠷᠢᠰᠦᠯᠳᠦᠭᠰᠡᠨ ᠠᠵᠡᠢ᠃ ᠤᠷᠤᠯᠳᠤᠭᠠᠨ ᠤ ᠲᠡᠷᠢᠭᠦᠨ ᠪᠠᠶᠢᠷᠢ ᠶᠢ ᠨᠢᠭᠡᠳᠦᠭᠡᠷ ᠪᠠᠭ ᠤᠨ ᠵᠠᠯᠠᠭᠤ ᠤᠶᠠᠭᠠᠴᠢ ᠰ ∙ ᠡᠩᠬᠡ -ᠠᠮᠤᠭᠤᠯᠠᠩ᠂ 2 ᠍ ᠳᠦᠭᠡᠷ ᠪᠠᠶᠢᠷᠢ ᠶᠢ ᠬᠣᠶᠠᠳᠤᠭᠠᠷ ᠪᠠᠭ ᠤᠨ ᠵᠠᠯᠠᠭᠤ ᠤᠶᠠᠭᠠᠴᠢ ᠪ∙ᠪᠠᠯᠵᠢᠨᠨᠢᠮ᠎ᠠ᠂ 3 ᠍ ᠳ᠋ᠤᠭᠠᠷ ᠪᠠᠶᠢᠷᠢ ᠶᠢ ᠨᠢᠭᠡᠳᠦᠭᠡᠷ ᠪᠠᠭ ᠤᠨ ᠵᠠᠯᠠᠭᠤ ᠤᠶᠠᠭᠠᠴᠢ ᠴ∙ᠵᠣᠷᠢᠭᠲᠤᠪᠠᠭᠠᠲᠤᠷ ᠨᠠᠷ᠂ ᠲᠤᠰᠬᠠᠢ ᠪᠠᠶᠢᠷᠢ ᠶᠢ ᠬᠣᠶᠠᠳᠤᠭᠠᠷ ᠪᠠᠭ ᠤᠨ ᠵᠠᠯᠠᠭᠤ ᠤᠶᠠᠭᠠᠴᠢ ᠮ∙ᠪᠢᠮᠪᠠᠳᠣᠷᠵᠢ᠂ ᠡ᠊∙ᠲᠣᠭᠲᠠᠭᠤᠨᠪᠠᠶᠠᠷ ᠨᠠᠷ ᠲᠤᠰ ᠲᠤᠰ ᠡᠵᠡᠯᠡᠵᠦ ᠦᠵᠡᠭᠴᠢ ᠣᠯᠠᠨ ᠤ ᠲᠠᠯᠠᠷᠬᠠᠯ ᠬᠦᠯᠢᠶᠡᠭᠰᠡᠨ ᠪᠠᠶᠢᠨ᠎ᠠ᠃ ᠤᠷᠤᠯᠳᠤᠭᠠᠨ ᠤ ᠦᠶ᠎ᠡ ᠪᠡᠷ ᠬᠠᠮᠤᠭ ᠤᠨ ᠠᠬᠠᠮᠠᠳ ᠨᠠᠰᠤᠲᠠᠢ ᠣᠷᠣᠯᠴᠠᠭᠴᠢ ᠰᠤᠮᠤ ᠶᠢᠨ ᠠᠬᠠᠮᠠᠳ ᠤᠶᠠᠭᠠᠴᠢ ᠰ∙ᠮᠥᠩᠬᠡᠪᠠᠲᠤ ᠳᠤ ᠮᠥᠨ ᠬᠦᠨᠳᠦᠳᠬᠡᠯ ᠦᠵᠡᠭᠦᠯᠦᠭᠰᠡᠨ ᠪᠠᠶᠢᠨ᠎ᠠ ᠃

ᠰᠡᠳᠬᠢᠭᠳᠡᠯ ᠦᠯᠡᠳᠡᠭᠡᠬᠦ