ᠡᠨᠧᠷᠭᠢ ᠷᠸᠰᠦᠷᠸᠰ ᠤᠨ ᠣᠷᠣᠯᠭ᠎ᠠ 24 ᠬᠤᠪᠢ ᠪᠠᠷ ᠥᠰᠴᠠᠢ | News.MN

ᠡᠨᠧᠷᠭᠢ ᠷᠸᠰᠦᠷᠸᠰ ᠤᠨ ᠣᠷᠣᠯᠭ᠎ᠠ 24 ᠬᠤᠪᠢ ᠪᠠᠷ ᠥᠰᠴᠠᠢ

Mongolian Mining Corporation ᠪᠤᠶᠤ ᠡᠨᠧᠷᠭᠢ  ᠷᠸᠰᠦᠷᠸᠰ ᠺᠣᠮᠫᠠᠨᠢ 2018 ᠣᠨ ᠤ ᠰᠠᠩᠬᠦᠦ ᠶᠢᠨ  ᠲᠠᠶᠢᠯᠤᠨ ᠢᠶᠠᠨ ᠥᠴᠥᠭᠡᠳᠦᠷ ᠬᠣᠩᠺᠣᠩ ᠤᠨ ᠬᠥᠷᠥᠩᠭᠡ ᠶᠢᠨ ᠪᠢᠷᠵᠢ ᠶᠢᠨ ᠸᠧᠪ ᠬᠠᠭᠤᠳᠠᠰᠤ ᠪᠠᠷ ᠣᠯᠠᠨ ᠨᠡᠶᠢᠲᠡ ᠳᠦ ᠨᠡᠭᠡᠭᠡᠯᠲᠡᠲᠡᠢ ᠪᠣᠯᠭᠠᠵᠤ᠂ ᠠᠯᠪᠠᠨ ᠶᠣᠰᠣᠭᠠᠷ ᠲᠠᠨᠢᠯᠴᠠᠭᠤᠯᠵᠠᠢ᠃ ᠥᠩᠭᠡᠷᠡᠭᠰᠡᠨ ᠣᠨ ᠳᠤ ᠲᠤᠰ ᠺᠣᠮᠫᠠᠨᠢ ᠨᠡᠶᠢᠲᠡ 4.7 ᠰᠠᠶ᠎ᠠ ᠲᠣᠨ ᠨᠡᠭᠦᠷᠡᠰᠦᠨ ᠪᠦᠲᠦᠭᠡᠭᠳᠡᠬᠦᠨ ᠪᠣᠷᠣᠯᠠᠭᠤᠯᠤᠭᠰᠠᠨ ᠪᠠᠶᠢᠨ᠎ᠠ᠃
ᠲᠠᠶᠢᠯᠤᠩᠲᠤ ᠬᠤᠭᠤᠴᠠᠭᠠᠨ ᠳᠤ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠳᠠᠬᠢ ᠡᠴᠦᠰ ᠦᠨ ᠬᠡᠷᠡᠭᠯᠡᠭᠴᠢᠳ ᠲᠦ ᠰᠢᠭᠤᠳ ᠬᠦᠷᠭᠡᠨ ᠨᠡᠶᠢᠯᠡᠭᠦᠯᠦᠭᠰᠡᠨ 1 ᠲᠣᠨ ᠪᠠᠶᠠᠵᠢᠭᠤᠯᠤᠭᠰᠠᠨ ᠺᠣᠺᠰᠵᠢᠬᠤ ᠨᠡᠭᠦᠷᠡᠰᠦᠨ ᠦ ᠦᠨ᠎ᠡ ᠶᠢ ᠳᠤᠮᠳᠠᠴᠢ ᠪᠠᠷ 170.1 ᠳ᠋ᠣᠯᠯᠠᠷ ᠲᠤ ᠬᠦᠷᠭᠡᠵᠦ᠂ ᠥᠩᠭᠡᠷᠡᠭᠰᠡᠨ ᠣᠨ ᠤ ᠲᠦᠪᠰᠢᠨ ᠡᠴᠡ 10 ᠣᠷᠴᠢᠮ  ᠬᠤᠪᠢ ᠪᠠᠷ ᠥᠰᠬᠡᠵᠡᠢ᠃ ᠮᠥᠨ ᠬᠤᠭᠤᠴᠠᠭᠠᠨ ᠳᠤ ᠲᠤᠰ ᠺᠣᠮᠫᠠᠨᠢ ᠶᠢᠨ  ᠭᠠᠭᠴᠠ ᠮᠤᠳᠤ ᠪᠣᠭᠣᠮᠲᠠ ᠶᠢᠨ ᠨᠥᠬᠥᠴᠡᠯ ᠢᠶᠡᠷ ᠪᠣᠷᠣᠯᠠᠭᠤᠯᠤᠭᠰᠠᠨ ᠪᠠᠶᠠᠵᠢᠭᠤᠯᠤᠭᠰᠠᠨ ᠺᠣᠺᠰᠵᠢᠬᠤ ᠨᠡᠭᠦᠷᠡᠰᠦᠨ ᠦ ᠳᠤᠮᠳᠠᠴᠢ ᠦᠨ᠎ᠡ 135.6 ᠳ᠋ᠣᠯᠯᠠᠷ ᠪᠠᠶᠢᠵᠠᠢ᠃ ᠢᠩᠭᠢᠭᠰᠡᠨ ᠢᠶᠡᠷ ᠡᠨᠧᠷᠭᠢ  ᠷᠸᠰᠦᠷᠸᠰ ᠤᠨ ᠪᠣᠷᠣᠯᠠᠭᠤᠯᠤᠯᠲᠠ ᠶᠢᠨ ᠣᠷᠣᠯᠭ᠎ᠠ 591 ᠰᠠᠶ᠎ᠠ ᠳ᠋ᠣᠯᠯᠠᠷ ᠲᠤ ᠬᠦᠷᠴᠦ᠂ 2017 ᠣᠨ ᠤ ᠰᠠᠩᠬᠦᠦ ᠶᠢᠨ  ᠲᠠᠶᠢᠯᠤᠨ ᠲᠠᠢ ᠬᠠᠷᠢᠴᠠᠭᠤᠯᠬᠤ ᠳᠤ 24 ᠬᠤᠪᠢ ᠪᠠᠷ ᠥᠰᠦᠭᠰᠡᠨ ᠦᠵᠡᠭᠦᠯᠦᠯᠲᠡ ᠬᠠᠷᠠᠭᠳᠠᠵᠤ ᠪᠠᠶᠢᠨ᠎ᠠ᠃ ᠲᠤᠰ ᠺᠣᠮᠫᠠᠨᠢ ᠶᠢᠨ ᠨᠡᠶᠢᠲᠡ ᠠᠰᠢᠭ 230 ᠰᠠᠶ᠎ᠠ ᠳ᠋ᠣᠯᠯᠠᠷ ᠪᠤᠶᠤ ᠣᠳᠣ ᠶᠢᠨ ᠬᠠᠩᠰᠢ ᠪᠠᠷ ᠲᠣᠭᠠᠴᠠᠬᠤ ᠳᠤ 605 ᠭᠠᠷᠤᠢ ᠲᠡᠷᠪᠤᠮ ᠲᠥᠭᠥᠷᠢᠭ ᠪᠦᠷᠢᠳᠬᠡᠭᠳᠡᠵᠡᠢ᠃ ᠴᠡᠪᠡᠷ ᠠᠰᠢᠭ ᠤᠨ ᠬᠡᠮᠵᠢᠶ᠎ᠡ 83 ᠰᠠᠶ᠎ᠠ ᠳ᠋ᠣᠯᠯᠠᠷ ᠪᠠᠶᠢᠭ᠎ᠠ ᠨᠢ 2017 ᠣᠨ ᠳᠤ  ᠵᠢᠭᠡᠯᠡ ᠶᠢᠨ ᠪᠦᠲᠦᠴᠡ ᠶᠢᠨ ᠰᠢᠨᠡᠴᠢᠯᠡᠯ ᠡᠴᠡ ᠣᠯᠤᠭᠰᠠᠨ ᠰᠠᠩᠬᠦᠦ ᠶᠢᠨ ᠣᠯᠵᠠ ᠶᠢ ᠣᠷᠤᠯᠴᠠᠭᠤᠯᠤᠯ ᠦᠭᠡᠢ ᠲᠣᠭᠠᠴᠠᠪᠠᠯ ᠡᠮᠦᠨᠡᠬᠢ ᠣᠨ ᠤ ᠬᠢ ᠠᠴᠠ 72.5  ᠬᠤᠪᠢ ᠪᠠᠷ ᠥᠰᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ