ᠨ ∙ ᠠᠯᠲᠠᠨᠬᠤᠶᠠᠭ᠄ ᠰᠢᠳᠤᠷᠭᠤ ᠶᠣᠰᠣ ᠶᠢ ᠰᠡᠷᠭᠦᠭᠡᠬᠦ ᠶᠢᠨ ᠲᠥᠯᠥᠭᠡ ᠵᠢᠳᠬᠦᠵᠦ ᠡᠬᠢᠯᠡᠨ᠎ᠡ | News.MN

ᠨ ∙ ᠠᠯᠲᠠᠨᠬᠤᠶᠠᠭ᠄ ᠰᠢᠳᠤᠷᠭᠤ ᠶᠣᠰᠣ ᠶᠢ ᠰᠡᠷᠭᠦᠭᠡᠬᠦ ᠶᠢᠨ ᠲᠥᠯᠥᠭᠡ ᠵᠢᠳᠬᠦᠵᠦ ᠡᠬᠢᠯᠡᠨ᠎ᠡ

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠦᠪᠯᠡᠬᠦ ᠨ∙ᠠᠯᠲᠠᠨᠬᠤᠶᠠᠭ ᠥᠪᠡᠷ ᠦᠨ ᠬᠦᠰᠡᠯᠲᠡ ᠪᠡᠷ ᠠᠯᠪᠠᠨ ᠲᠤᠰᠢᠶᠠᠯ ᠠᠴᠠ ᠪᠠᠨ ᠴᠢᠯᠦᠭᠡᠯᠡᠭᠳᠡᠵᠦ ᠪᠤᠢ  ᠪᠠᠨ ᠥᠨᠥᠳᠥᠷ ᠮᠡᠳᠡᠭᠳᠡᠯ᠎ᠡ᠃  ᠪᠢ ᠶᠡᠷᠦᠩᠬᠡᠶᠢᠯᠡᠭᠴᠢ ᠲᠡᠢ ᠵᠢᠯ ᠨᠠᠢᠮᠠᠨ ᠰᠠᠷ᠎ᠠ ᠬᠠᠮᠲᠤᠷᠠᠵᠤ ᠠᠵᠢᠯᠯᠠᠯ᠎ᠠ᠃ ᠮᠣᠩᠭᠣᠯ ᠤᠯᠤᠰ ᠤᠨ ᠶᠡᠷᠦᠩᠬᠡᠢ ᠰᠠᠶᠢᠳ ᠢᠶᠠᠷ ᠠᠵᠢᠯᠯᠠᠵᠤ ᠪᠠᠶᠢᠭᠰᠠᠨ ᠬᠦᠮᠦᠨ ᠦ ᠬᠤᠪᠢ ᠪᠠᠷ ᠨᠠᠳᠠ ᠳᠤ ᠴᠠᠰᠢ ᠨᠢ ᠶᠠᠷᠢᠬᠤ᠂ ᠬᠢᠬᠦ ᠣᠯᠠᠨ ᠠᠵᠢᠯ ᠪᠠᠶᠢᠨ᠎ᠠ᠃ ᠤᠯᠤᠰ ᠤᠨ ᠶᠡᠷᠦᠩᠬᠡᠶᠢᠯᠡᠭᠴᠢ ᠶᠢᠨ ᠵᠦᠪᠯᠡᠬᠦ ᠭᠡᠳᠡᠭ ᠬᠦᠮᠦᠨ ᠦ ᠶᠠᠷᠢᠭᠰᠠᠨ ᠶᠠᠭᠤᠮ᠎ᠠ ᠨᠢ ᠶᠡᠷᠦᠩᠬᠡᠶᠢᠯᠡᠭᠴᠢ ᠳᠡᠭᠡᠷ᠎ᠡ ᠬᠠᠶ᠋ᠢᠭᠯᠠᠭᠳᠠᠭᠠᠳ᠂ ᠶᠡᠷᠦᠩᠬᠡᠶᠢᠯᠡᠭᠴᠢ ᠨ∙ᠠᠯᠲᠠᠨᠬᠤᠶᠠᠭ ᠢ ᠢᠩᠭᠢᠭᠡᠳ ᠬᠡᠯᠡᠴᠢᠬᠡ ᠭᠡᠳ ᠬᠡᠯᠡᠭᠦᠯᠦᠭᠰᠡᠨ ᠮᠡᠲᠦ ᠪᠡᠷ ᠮᠤᠰᠬᠢᠵᠤ  ᠭᠤᠶᠢᠪᠢᠭᠤᠯᠤᠭᠠᠳ ᠪᠠᠶᠢᠬᠤ ᠶᠤᠮ᠃ ᠰᠢᠳᠤᠷᠭᠤ ᠶᠣᠰᠣ ᠶᠢ ᠰᠡᠷᠭᠦᠭᠡᠨ ᠲᠣᠭᠲᠠᠭᠠᠬᠤ ᠶᠢᠨ ᠲᠥᠯᠥᠭᠡ ᠪᠣᠳᠣᠭᠰᠠᠨ ᠵᠦᠢᠯ ᠢᠶᠡᠨ ᠴᠢᠯᠦᠭᠡᠲᠡᠢ ᠬᠢᠶ᠎ᠡ ᠭᠡᠵᠦ ᠪᠣᠳᠣᠵᠤ ᠵᠥᠪᠯᠡᠬᠦ ᠶᠢᠨ ᠠᠵᠢᠯ ᠠᠴᠠ ᠪᠠᠨ ᠴᠢᠯᠦᠭᠡᠯᠡᠭᠳᠡᠵᠦ ᠪᠠᠶᠢᠭ᠎ᠠ ᠶᠤᠮ᠃
ᠥᠭᠡᠷ᠎ᠡ ᠨᠢᠭᠡ ᠨᠣᠴᠢᠲᠠᠢ ᠵᠦᠢᠯ ᠨᠢ ᠰᠡᠭᠦᠯ ᠦᠨ ᠦᠶ᠎ᠡ ᠳᠦ ᠮᠠᠨ ᠤ ᠨᠠᠮ ᠤᠨ ᠭᠡᠰᠢᠭᠦᠳ ᠨᠠᠳᠠ ᠤᠷᠤᠭᠤ ᠬᠠᠨᠳᠤᠵᠤ ᠪᠠᠶᠢᠨ᠎ᠠ᠃ ᠲᠠ ᠠᠮᠢ ᠪᠠᠨ ᠪᠣᠳᠣᠭᠠᠳ ᠶᠠᠪᠤᠭᠠᠳ ᠪᠠᠶᠢᠨ᠎ᠠ᠃ ᠲᠠᠨ ᠤ  ᠶᠠᠷᠢᠭᠠᠳ ᠪᠠᠶᠢᠭ᠎ᠠ ᠰᠢᠳᠤᠷᠭᠤ ᠪᠤᠰᠤ ᠭᠡᠳᠡᠭ ᠵᠦᠢᠯ ᠴᠢᠨᠢ ᠮᠠᠨ ᠤ ᠨᠠᠮ ᠳᠤ  ᠨᠢᠭᠤᠷᠯᠠᠯ᠎ᠠ᠃ ᠼ∙ᠡᠯᠪᠡᠭᠳᠣᠷᠵᠢ᠂ ᠮ∙ᠡᠩᠬᠡᠪᠣᠯᠤᠳ ᠤᠨ ᠬᠠᠮᠰᠠᠭᠠᠲᠠᠨ ᠨᠤᠭᠤᠳ ᠠᠷᠠᠳᠴᠢᠯᠠᠭᠰᠠᠨ ᠍ ᠤᠨ ᠤᠳᠤᠷᠢᠳᠤᠯᠭ᠎ᠠ ᠳᠤ ᠭᠠᠷᠤᠭᠠᠳ ᠢᠷᠡᠯ᠎ᠡ ᠭᠡᠬᠦ ᠪᠣᠯᠤᠭᠰᠠᠨ᠃
ᠪᠢ  ︽ᠨᠢᠭᠡᠳᠦᠮᠡᠯ ᠮᠣᠩᠭᠣᠯ ᠬᠥᠳᠡᠯᠭᠡᠭᠡᠨ︾ ᠢᠶᠡᠷ ᠢᠶᠡᠨ ᠬᠢᠬᠦ ᠭᠤᠷᠪᠠᠨ ᠠᠵᠢᠯ ᠢᠶᠠᠨ ᠲᠣᠳᠣᠷᠬᠠᠶᠢᠯᠠᠭᠰᠠᠨ᠃ ᠨᠢᠭᠡᠳᠦᠭᠡᠷ ᠲᠦ᠂ ᠰᠢᠳᠤᠷᠭᠤ ᠪᠤᠰᠤ ᠶᠢᠨ ᠬᠣᠩᠭᠢᠯ ᠢ ᠨᠤᠷᠠᠭᠠᠨ᠎ᠠ᠃ ᠬᠣᠶᠠᠳᠤᠭᠠᠷ ᠲᠤ᠂ ᠭᠠᠵᠠᠷ ᠤᠨ ᠪᠠᠶᠠᠯᠢᠭ ᠢ ᠠᠷᠠᠳ ᠲᠦᠮᠡᠨ ᠦ ᠬᠢ ᠪᠣᠯᠭᠠᠨ᠎ᠠ᠂ ᠭᠤᠷᠪᠠᠳᠤᠭᠠᠷ ᠲᠤ᠂ ᠳᠤᠮᠳᠠᠴᠢ ᠳᠠᠪᠬᠤᠷᠭ᠎ᠠ ᠶᠢ ᠰᠡᠷᠭᠦᠭᠡᠵᠦ ᠪᠣᠰᠬᠠᠬᠤ ᠶᠢ ᠵᠣᠷᠢᠵᠤ ᠪᠠᠶᠢᠭ᠎ᠠ ᠭᠡᠯ᠎ᠡ᠃

ᠰᠡᠳᠬᠢᠭᠳᠡᠯ ᠦᠯᠡᠳᠡᠭᠡᠬᠦ