ᠰᠠᠩ ᠤᠨ ᠰᠠᠶᠢᠳ ᠠᠰᠠᠨ ᠰ∙ᠪᠠᠶᠠᠷᠴᠤᠭᠲᠤ ᠰᠸᠢᠰ ᠦᠨ ᠬᠣᠯᠪᠣᠭᠠᠨ ᠤ ᠤᠯᠤᠰ ᠠᠴᠠ ᠥᠪᠡᠷ ᠦᠨ ᠬᠢᠨᠢ ᠳᠠᠩᠰᠠᠨ ᠤ ᠬᠠᠭᠤᠯᠭ᠎ᠠ ᠶᠢ ᠢᠷᠡᠭᠦᠯᠦᠭᠰᠡᠨ ᠲᠠᠯ᠎ᠠ ᠪᠠᠷ ᠲᠠᠶᠢᠯᠪᠤᠷᠢ ᠥᠭᠭᠦᠯ᠎ᠡ᠃ ᠲᠡᠷᠡ ᠪᠡᠷ᠄ ᠨᠠᠳᠠ ᠳᠤ 2019 ᠣᠨ ᠤ ᠨᠢᠭᠡᠳᠦᠭᠡᠷ ᠰᠠᠷ᠎ᠠ ᠶᠢᠨ 11 ᠍ ᠳᠦ ᠰᠸᠢᠰ ᠤᠨ ᠫᠷᠣᠺᠦ᠋ᠷᠣᠷ ᠤᠨ ᠭᠠᠵᠠᠷ ᠠᠴᠠ ᠮᠠᠲ᠋ᠧᠷᠢᠶᠠᠯ ᠢ ᠢᠷᠡᠭᠦᠯᠦᠭᠰᠡᠨ᠃ ᠡᠨᠳᠡ ᠪᠠᠶᠢᠭ᠎ᠠ 700 ᠭᠠᠷᠤᠢ ᠬᠠᠭᠤᠳᠠᠰᠤ ᠮᠠᠲ᠋ᠧᠷᠢᠶᠠᠯ ᠢ ᠪᠢ 1 ᠰᠠᠷ᠎ᠠ ᠳᠤ ᠠᠪᠯᠢᠭ᠎ᠠ ᠲᠠᠢ ᠲᠡᠮᠡᠴᠡᠬᠦ ᠭᠠᠵᠠᠷ ᠲᠤ ᠰᠠᠶᠢᠨ ᠳᠤᠷ᠎ᠠ ᠪᠠᠷ ᠢᠶᠠᠨ ᠥᠭᠭᠦᠭᠰᠡᠨ᠃ ᠳ᠋ᠢᠫᠯᠣᠮᠠᠲ ᠰᠢᠤᠳᠠᠨ ᠲᠤᠬᠠᠢ ᠶᠢᠨ ᠤᠯᠤᠰ ᠤᠨ ᠡᠯᠴᠢᠨ ᠰᠠᠶᠢᠳ ᠤᠨ ᠶᠠᠮᠤᠨ ᠤ ᠺᠤᠨᠰᠦ᠋ᠯ ᠤᠨ ᠭᠠᠵᠠᠷ ᠢᠶᠠᠷ ᠳᠠᠮᠵᠢᠭᠤᠯᠤᠨ ᠳ᠋ᠢᠫᠯᠣᠮᠠᠲ ᠫᠠᠰᠫᠣᠷᠲ ᠲᠠᠢ ᠬᠦᠮᠦᠨ ᠢᠶᠡᠷ ᠥᠭᠴᠦ ᠶᠠᠪᠤᠭᠤᠯᠳᠠᠭ᠃ ᠨᠢᠭᠤᠴᠠ ᠶᠢᠨ ᠵᠡᠷᠭᠡᠯᠡᠯ ᠲᠡᠢ ᠪᠡᠷ ᠢᠷᠡᠭᠦᠯᠳᠡᠭ ᠭᠡᠰᠡᠨ ᠦᠭᠡ᠃ ᠰᠸᠢᠰ ᠤᠨ ᠬᠣᠯᠪᠣᠭᠠᠨ ᠤ ᠤᠯᠤᠰ ᠤᠨ ᠫᠷᠣᠺᠦ᠋ᠷᠣᠷ ᠤᠨ ᠭᠠᠵᠠᠷ ᠠᠴᠠ ᠢᠷᠡᠭᠦᠯᠦᠭᠰᠡᠨ ᠮᠠᠲ᠋ᠧᠷᠢᠶᠠᠯ ᠤᠯᠤᠰ ᠤᠨ ᠶᠡᠬᠡ ᠬᠤᠷᠠᠯ ᠤᠨ ᠳᠠᠷᠤᠭ᠎ᠠ ᠶᠢᠨ ᠠᠶᠢᠯᠴᠢᠯᠠᠯ ᠲᠠᠢ ᠳᠠᠪᠬᠤᠴᠠᠭᠰᠠᠨ ᠶᠤᠮ ᠰᠢᠭ᠋ ᠪᠠᠶᠢᠨ᠎ᠠ᠃ ᠬᠠᠷᠢᠨ ᠲ∙ᠠᠶᠤᠤᠷᠰᠠᠶᠢᠬᠠᠨ ᠭᠡᠰᠢᠭᠦᠨ ᠳ᠋ᠢᠫᠯᠣᠮᠠᠲ ᠰᠢᠤᠳᠠᠨ ᠵᠥᠭᠡᠭᠡᠵᠦ ᠠᠪᠴᠤ ᠢᠷᠡᠵᠦ ᠪᠠᠶᠢᠬᠤ ᠳᠤ ᠪᠠᠨ ᠵᠠᠳᠠᠯᠵᠤ ᠤᠩᠰᠢᠭᠰᠠᠨ᠂ ᠡᠰᠡᠪᠡᠯ ᠳ᠋ᠢᠫᠯᠣᠮᠠᠲ ᠰᠢᠤᠳᠠᠨ ᠥᠭᠭᠦᠭᠰᠡᠨ ᠬᠦᠮᠦᠨ ᠨᠢ ᠰ∙ᠪᠠᠶᠠᠷᠴᠤᠭᠲᠤ ᠭᠡᠳᠡᠭ ᠬᠦᠮᠦᠨ ᠲᠡᠢ ᠬᠣᠯᠪᠣᠭ᠎ᠠ ᠲᠠᠢ ᠳᠠᠩᠰᠠᠨ ᠤ ᠬᠠᠭᠤᠯᠭ᠎ᠠ᠂ ᠮᠠᠲ᠋ᠧᠷᠢᠶᠠᠯ ᠪᠠᠶᠢᠭ᠎ᠠ ᠭᠡᠵᠦ ᠬᠡᠯᠡᠭᠰᠡᠨ ᠪᠣᠯᠪᠠ ᠤᠤ ᠭᠡᠵᠦ ᠪᠣᠳᠣᠵᠤ ᠪᠠᠶᠢᠨ᠎ᠠ᠃ ᠲᠡᠷᠡ ᠶᠠᠷᠢᠭᠠᠳ ᠪᠠᠶᠢᠭ᠎ᠠ ᠤᠹᠹᠱᠤᠷ ᠳᠠᠩᠰᠠ 2013 ᠣᠨ ᠳᠤ ᠬᠠᠭᠠᠭᠳᠠᠭᠰᠠᠨ᠃
ᠰᠸᠢᠰ ᠤᠨ ᠲᠠᠯ᠎ᠠ ᠶᠠᠮᠠᠷ ᠨᠢᠭᠡᠨ ᠮᠠᠲ᠋ᠧᠷᠢᠶᠠᠯ ᠢ ᠰᠢᠭᠤᠳ ᠬᠦᠰᠡᠯᠲᠡ ᠲᠠᠯᠪᠢᠭᠰᠠᠨ ᠤᠯᠤᠰ ᠲᠥᠷᠦᠴᠢ᠂ ᠰᠢᠳᠤᠷᠭᠤ ᠲᠡᠮᠡᠴᠡᠭᠴᠢ ᠪᠠᠶᠢᠭᠰᠠᠨ ᠴᠤ ᠥᠭᠬᠦ ᠦᠭᠡᠢ᠃ ᠶᠠᠭᠠᠬᠢᠵᠤ ᠥᠭᠬᠦ ᠪᠤᠢ ᠭᠡᠪᠡᠯ ᠲᠣᠳᠣᠷᠬᠠᠢ ᠬᠠᠤᠯᠢ ᠬᠦᠴᠦᠨ ᠦ ᠪᠠᠶᠢᠭᠤᠯᠤᠯᠭ᠎ᠠ ᠨᠢ ᠡᠷᠡᠭᠦᠦ ᠶᠢᠨ ᠬᠡᠷᠡᠭ ᠡᠭᠦᠰᠬᠡᠵᠦ ᠰᠢᠯᠭᠠᠭᠠᠳ ᠪᠦᠭᠦᠳᠡ ᠶᠢ ᠨᠢ ᠭᠠᠷᠭᠠᠵᠤ᠂ ᠰᠢᠭᠦᠬᠦ ᠪᠡᠷ ᠣᠷᠣᠭᠤᠯᠵᠤ ᠪᠠᠶᠢᠭᠠᠳ ᠥᠭᠳᠡᠭ᠃ ᠡᠨᠡ ᠶᠠᠪᠤᠴᠠ ᠵᠢᠯ ᠭᠠᠷᠤᠢ ᠦᠷᠭᠦᠯᠵᠢᠯᠡᠭᠰᠡᠨ᠃ ᠲᠡᠷᠡ ᠬᠤᠭᠤᠴᠠᠭᠠᠨ ᠳᠤ ᠮᠠᠨ ᠤ ᠠᠪᠯᠢᠭ᠎ᠠ ᠲᠠᠢ ᠲᠡᠮᠡᠴᠡᠬᠦ ᠭᠠᠵᠠᠷ᠂ ᠫᠷᠣᠺᠦ᠋ᠷᠣᠷ ᠤᠨ ᠪᠠᠶᠢᠭᠤᠯᠤᠯᠭ᠎ᠠ ᠰᠸᠢᠰ ᠤᠨ ᠲᠠᠯ᠎ᠠ ᠲᠠᠢ ᠬᠠᠮᠲᠤᠷᠠᠵᠤ ᠠᠵᠢᠯᠯᠠᠭᠰᠠᠨ ᠪᠠᠶᠢᠬᠤ ᠭᠡᠵᠦ ᠪᠣᠳᠣᠵᠤ ᠪᠠᠶᠢᠨ᠎ᠠ ᠬᠡᠮᠡᠨ ᠶᠠᠷᠢᠯ᠎ᠠ᠃