ᠬᠡᠦᠬᠡᠳ ᠠᠪᠤᠷᠠᠭᠰᠠᠨ ᠽ∙ᠪᠠᠶᠠᠨᠵᠤᠯᠠ ᠶᠢ ᠱᠠᠩᠨᠠᠯ᠎ᠠ | News.MN

ᠬᠡᠦᠬᠡᠳ ᠠᠪᠤᠷᠠᠭᠰᠠᠨ ᠽ∙ᠪᠠᠶᠠᠨᠵᠤᠯᠠ ᠶᠢ ᠱᠠᠩᠨᠠᠯ᠎ᠠ

ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠶᠠᠮᠤᠨ ᠤ ᠰᠤᠶᠤᠯ ᠤᠨ ᠪᠣᠳᠣᠯᠭ᠎ᠠ ᠶᠢᠨ ᠭᠠᠵᠠᠷ ᠤᠨ ᠠᠬᠠᠯᠠᠬᠤ ᠮᠡᠷᠭᠡᠵᠢᠯᠲᠡᠨ ᠽ∙ᠪᠠᠶᠠᠨᠵᠤᠯᠠ ᠶᠢ ᠮᠣᠩᠭᠣᠯ ᠤᠯᠤᠰ ᠤᠨ ᠵᠡᠪᠰᠡᠭᠲᠦ ᠬᠦᠴᠦᠨ ᠦ 98 ᠵᠢᠯ ᠦᠨ ᠣᠢ  ᠶᠢᠨ ᠡᠳᠦᠷ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ︽ᠰᠢᠳᠤᠷᠭᠤ ᠵᠢᠷᠤᠮ︾ ᠮᠧᠳᠠᠯ ᠢᠶᠠᠷ  ᠱᠠᠩᠨᠠᠯ᠎ᠠ᠃ ᠲᠡᠷᠡ ᠪᠡᠷ 2015 ᠣᠨ ᠤ ᠳᠣᠯᠣᠳᠤᠭᠠᠷ ᠰᠠᠷ᠎ᠠ ᠳᠤ ᠤᠪᠰᠤ ᠠᠶᠢᠮᠠᠭ ᠤᠨ ᠤᠯᠠᠭᠠᠨ ᠭᠤᠮ ᠰᠤᠮᠤᠨ ᠳᠤ ᠤᠪᠰᠤ ᠨᠠᠭᠤᠷ ᠤᠨ ᠡᠷᠭᠢ ᠳᠡᠭᠡᠷ᠎ᠡ ᠠᠮᠠᠷᠠᠵᠤ ᠪᠠᠶᠢᠬᠤ ᠳᠤ ᠪᠠᠨ ᠤᠰᠤᠨ ᠳᠤ ᠵᠢᠪᠴᠦ ᠪᠠᠶᠢᠭᠰᠠᠨ ᠬᠣᠶᠠᠷ ᠥᠬᠢᠨ ᠤ ᠠᠮᠢ ᠨᠠᠰᠤ ᠶᠢ ᠠᠪᠤᠷᠠᠵᠠᠢ᠃
ᠲᠤᠬᠠᠢ ᠶᠢᠨ ᠦᠶ᠎ᠡ ᠳᠦ  ᠮᠠᠰᠢᠨ  ᠤ ᠳᠤᠭᠤᠢ ᠶᠢᠨ ᠤᠯᠤᠭᠠᠢ ᠳᠡᠭᠡᠷ᠎ᠡ ᠬᠦᠪᠦᠨ ᠲᠣᠭᠯᠠᠵᠤ ᠪᠠᠶᠢᠭᠰᠠᠨ ᠬᠣᠶᠠᠷ ᠥᠬᠢᠨ ᠰᠠᠯᠬᠢᠨ ᠳᠤ ᠲᠠᠭᠤᠭᠳᠠᠨ ᠨᠠᠭᠤᠷ ᠤᠨ ᠭᠦᠨᠵᠡᠭᠡᠢ ᠬᠡᠰᠡᠭ ᠲᠦ  ᠤᠴᠢᠩᠭᠤᠲᠠ ᠤᠰᠤᠨ ᠳᠤ ᠤᠨᠠᠵᠠᠢ ᠃ ᠣᠶᠢᠷ᠎ᠠ ᠬᠠᠪᠢ ᠳᠤ ᠰᠡᠯᠢᠵᠦ ᠴᠢᠳᠠᠳᠠᠭ ᠬᠦᠮᠦᠨ ᠪᠠᠶᠢᠭ᠎ᠠ ᠦᠭᠡᠢ ᠴᠤ ᠽ∙ᠪᠠᠶᠠᠨᠵᠤᠯᠠ ᠰᠠᠮᠪᠠᠭᠠᠴᠢᠯᠠᠨ ᠣᠶᠢᠷ᠎ᠠ ᠪᠠᠶᠢᠭᠰᠠᠨ ᠠᠦ᠋ᠲ᠋ᠤ᠋ ᠮᠠᠰᠢᠨ ᠤ ᠬᠡᠶᠢᠯᠡᠭᠰᠡᠨ ᠤᠯᠤᠭᠠᠢ ᠶᠢ ᠬᠦᠵᠦᠭᠦᠨ ᠳᠦ ᠪᠡᠨ ᠤᠭᠯᠠᠵᠤ ᠲᠦᠷᠦᠭᠦᠯᠡᠨ ᠤᠰᠤ ᠤᠷᠤᠭᠤ ᠣᠷᠣᠨ 9 ᠍ ᠳᠦᠭᠡᠷ ᠠᠩᠬᠢ ᠶᠢᠨ ᠰᠤᠷᠤᠭᠴᠢ S ᠦᠨ  ᠠᠮᠢ ᠶᠢ ᠠᠪᠤᠷᠠᠵᠠᠢ᠃ ᠬᠤᠶᠠᠳᠠᠬᠢ ᠬᠡᠦᠬᠡᠳ ᠢ ᠡᠷᠳᠡᠨᠢᠲᠦ ᠬᠣᠲᠠ ᠶᠢᠨ ᠬᠠᠨ ᠭᠠᠷᠤᠳᠢ ᠰᠫᠣᠷᠲ ᠣᠷᠳᠣᠨ ᠤ ᠳᠠᠷᠤᠭ᠎ᠠ᠂ ᠦᠨᠳᠦᠰᠦᠨ ᠦ ᠰᠤᠷ ᠤᠨ ᠳᠠᠷᠬᠠᠨ ᠮᠡᠷᠭᠡᠨ᠂ ᠭᠠᠪᠢᠶᠠᠲᠤ ᠲᠠᠮᠢᠷᠴᠢᠨ ᠱ∙ᠳᠠᠸᠠᠬᠦᠦ ᠤᠰᠤᠨ ᠠᠴᠠ ᠭᠠᠷᠭᠠᠭᠰᠠᠨ ᠪᠠᠶᠢᠨ᠎ᠠ᠃ ᠱ∙ᠳᠠᠸᠠᠬᠦᠦ᠂ ᠽ∙ ᠪᠠᠶᠠᠨᠵᠤᠯᠠ ᠨᠠᠷ ᠨᠢ ᠥᠪᠡᠷ ᠦᠨ ᠠᠮᠢ ᠨᠠᠰᠤ ᠶᠢ ᠦᠯᠦ ᠬᠠᠶᠢᠬᠤᠷᠤᠨ ᠳᠡᠭᠡᠷᠡᠬᠢ ᠬᠣᠶᠠᠷ ᠥᠬᠢᠨ ᠤ ᠠᠮᠠ ᠶᠢ ᠠᠪᠤᠷᠠᠵᠤ ᠢᠷᠭᠡᠨ ᠦ ᠪᠡᠨ ᠡᠭᠦᠷᠭᠡ ᠶᠢ ᠨᠡᠷ᠎ᠡ ᠲᠥᠷᠥ ᠲᠡᠢ ᠪᠡᠶᠡᠯᠡᠭᠦᠯᠦᠭᠰᠡᠨ ᠲᠤᠯᠠ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠵᠠᠷᠯᠢᠭ ᠢᠶᠠᠷ ︽ᠰᠢᠳᠤᠷᠭᠤ ᠵᠢᠷᠤᠮ︾ ᠮᠧᠳᠠᠯ ᠢᠶᠠᠷ ᠱᠠᠩᠨᠠᠭᠰᠠᠨ ᠢ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠰᠫᠣᠷᠲ ᠤᠨ ᠶᠠᠮᠤᠨ ᠤ ᠰᠠᠶᠢᠳ ᠥᠴᠥᠭᠡᠳᠦᠷ ᠭᠠᠷᠳᠠᠭᠤᠯᠤᠯ᠎ᠠ᠃

ᠰᠡᠳᠬᠢᠭᠳᠡᠯ ᠦᠯᠡᠳᠡᠭᠡᠬᠦ