︽ᠬᠣᠪᠳᠣ ᠠᠶᠢᠲ᠋ᠢᠰ-2019︾ ᠨᠠᠭᠠᠳᠤᠮ  ᠪᠤᠯᠪᠠ | News.MN

︽ᠬᠣᠪᠳᠣ ᠠᠶᠢᠲ᠋ᠢᠰ-2019︾ ᠨᠠᠭᠠᠳᠤᠮ  ᠪᠤᠯᠪᠠ

ᠬᠠᠰᠠᠭ ᠲᠦᠮᠡᠨ ᠦ ᠬᠠᠪᠤᠷ ᠤᠨ ᠪᠠᠶᠠᠷ –  ᠨᠠᠦᠷᠢᠽ ᠤᠨ ᠡᠳᠦᠷ ᠢ ᠲᠣᠬᠢᠶᠠᠯᠳᠤᠭᠤᠯᠤᠨ ᠬᠤᠪᠳᠤ ᠠᠶᠢᠮᠠᠭ ᠤᠨ ᠵᠠᠰᠠᠭ ᠳᠠᠷᠤᠭ᠎ᠠ ᠶᠢᠨ ᠢᠪᠡᠭᠡᠯ ᠳᠣᠣᠷ᠎ᠠ ᠬᠠᠷᠢᠯᠴᠠᠭ᠎ᠠ ᠳᠠᠭᠤᠤ ᠶᠢᠨ︽ᠬᠣᠪᠳᠣ ᠠᠶᠢᠲ᠋ᠢᠰ-2019︾  ᠣᠯᠠᠨ ᠤᠯᠤᠰ ᠤᠨ ᠨᠠᠭᠠᠳᠤᠮ ᠢ ᠥᠨᠥᠳᠥᠷ ᠵᠣᠬᠢᠶᠠᠨ ᠪᠠᠶᠢᠭᠤᠯᠵᠤ ᠪᠠᠶᠢᠨ᠎ᠠ᠃ ᠨᠠᠭᠠᠳᠤᠮ ᠤᠨ ᠵᠣᠷᠢᠯᠭ᠎ᠠ ᠨᠢ ᠬᠠᠰᠠᠭ ᠦᠨᠳᠦᠰᠦᠲᠡᠨ ᠦ ᠪᠡᠶᠡᠲᠦ ᠪᠣᠯᠤᠨ ᠪᠡᠶᠡᠲᠦ ᠪᠤᠰᠤ ᠥᠪ ᠢ ᠲᠦᠭᠡᠭᠡᠨ ᠳᠡᠯᠭᠡᠷᠡᠭᠦᠯᠵᠦ᠂ ᠰᠤᠶᠤᠯ᠂ ᠵᠠᠩ ᠵᠠᠩᠰᠢᠯ ᠢ ᠰᠤᠷᠲᠠᠯᠴᠢᠯᠠᠨ᠂ ᠥᠪᠯᠡᠭᠦᠯᠦᠨ ᠦᠯᠡᠳᠡᠭᠡᠬᠦ ᠳᠦ ᠴᠢᠭᠯᠡᠵᠦ ᠪᠠᠶᠢᠨ᠎ᠠ᠃ ᠨᠠᠭᠠᠳᠤᠮ ᠳᠤ ᠬᠠᠰᠠᠭᠰᠲ᠋ᠠᠨ ᠤᠯᠤᠰ ᠤᠨ ᠫᠠᠸ᠋ᠯᠤᠳᠠᠷ᠂ ᠺᠠᠷᠠᠭᠠᠨᠳᠠ᠂ ᠳᠣᠷᠣᠨ᠎ᠠ ᠶᠢᠨ ᠬᠠᠰᠠᠭᠰᠲ᠋ᠠᠨ ᠮᠤᠵᠢ  ᠪᠣᠯᠤᠨ ᠪᠠᠶᠠᠨ-ᠥᠯᠥᠭᠡᠢ᠂ ᠬᠣᠪᠳᠣ ᠠᠶᠢᠮᠠᠭ ᠤᠨ 30 ᠭᠠᠷᠤᠢ ᠢᠷᠠᠭᠤ ᠨᠠᠶᠢᠷᠠᠭᠴᠢ ᠣᠷᠣᠯᠴᠠᠵᠤ ᠪᠠᠶᠢᠭ᠎ᠠ ᠶᠤᠮ᠃  ᠠᠶᠢᠲ᠋ᠢᠰ ᠪᠤᠶᠤ ᠬᠠᠰᠠᠭ ᠠᠷᠠᠳ ᠤᠨ ᠤᠯᠠᠮᠵᠢᠯᠠᠯᠲᠤ ᠰᠡᠴᠡ ᠪᠤᠯᠢᠶᠠᠯᠳᠤᠭᠠᠨ ᠢ 3 ᠦᠶ᠎ᠡ ᠱᠠᠲᠤ ᠲᠠᠢ ᠪᠠᠷ ᠶᠠᠪᠤᠭᠤᠯᠬᠤ ᠪᠥᠭᠡᠳ ᠣᠷᠣᠯᠴᠠᠭᠴᠢᠳ ᠲᠤᠬᠠᠢ ᠶᠢᠨ ᠴᠠᠭ ᠮᠥᠴᠡ ᠳᠦ ᠬᠡᠯᠡ ᠶᠠᠷᠢᠶᠠᠨ ᠤ ᠪᠠᠶᠠᠯᠢᠭ᠂  ᠳᠠᠭᠤᠤ ᠶᠢᠨ ᠠᠭᠤᠯᠭ᠎ᠠ᠂ ᠳᠠᠭᠤᠯᠠᠬᠤ ᠤᠷ᠎ᠠ ᠴᠢᠳᠠᠪᠤᠷᠢ ᠪᠠᠷ ᠢᠶᠠᠨ ᠥᠷᠢᠰᠦᠯᠳᠦᠳᠡᠭ ᠢᠶᠡᠷ ᠢᠶᠡᠨ ᠪᠤᠰᠤᠳ ᠲᠥᠷᠥᠯ ᠦᠨ ᠬᠠᠷᠢᠯᠴᠠᠭ᠎ᠠ  ᠳᠠᠭᠤᠤ ᠶᠢᠨ ᠤᠷᠤᠯᠳᠤᠭᠠᠨ ᠠᠴᠠ ᠢᠯᠭᠠᠭ᠎ᠠ ᠲᠠᠢ ᠭᠡᠨ᠎ᠡ᠃
ᠲᠤᠰ ᠨᠠᠭᠠᠳᠤᠮ ᠢ ᠵᠣᠬᠢᠶᠠᠨ ᠪᠠᠶᠢᠭᠤᠯᠤᠭᠰᠠᠨ ᠢᠶᠠᠷ ᠬᠠᠰᠠᠭ ᠤᠨ ᠠᠷᠠᠳ ᠲᠦᠮᠡᠨ ᠦ ᠡᠬᠡ ᠬᠡᠯᠡᠨ ᠦ ᠨᠢᠭᠡᠳᠦᠮᠡᠯ ᠪᠠᠶᠢᠳᠠᠯ ᠢ ᠪᠠᠲᠤᠯᠠᠭᠠᠵᠢᠭᠤᠯᠬᠤ᠂ ᠠᠷᠠᠳ ᠤᠨ ᠤᠯᠠᠮᠵᠢᠯᠠᠯᠲᠤ ᠰᠡᠴᠡ ᠪᠤᠯᠢᠶᠠᠯᠳᠤᠭᠠᠨ ᠢᠶᠠᠷ ᠳᠠᠮᠵᠢᠭᠤᠯᠤᠨ ᠠᠷᠠᠳ ᠢᠷᠭᠡᠳ ᠦᠨ ᠨᠢᠭᠡᠨ ᠢᠶᠡᠨ ᠬᠦᠨᠳᠦᠳᠭᠡᠬᠦ ᠤᠯᠠᠮᠵᠢᠯᠠᠯ ᠢ ᠵᠠᠯᠠᠭᠤ ᠬᠣᠶᠢᠴᠢ ᠦᠶ᠎ᠡ ᠶᠢᠨ ᠬᠢᠨ ᠳᠦ ᠲᠠᠨᠢᠭᠤᠯᠬᠤ ᠴᠢᠬᠤᠯᠠ ᠠᠴᠢ ᠬᠣᠯᠪᠣᠭᠳᠠᠯ ᠲᠠᠢ ᠭᠡᠵᠦ ᠵᠣᠬᠢᠶᠠᠨ ᠪᠠᠶᠢᠭᠤᠯᠤᠭᠴᠢᠳ ᠬᠡᠯᠡᠯ᠎ᠡ᠃ ︽ᠬᠣᠪᠳᠣ ᠠᠶᠢᠲ᠋ᠢᠰ︾ ᠣᠯᠠᠨ ᠤᠯᠤᠰ ᠤᠨ ᠨᠠᠭᠠᠳᠤᠮ ᠨᠢ ᠬᠣᠪᠳᠣ ᠠᠶᠢᠮᠠᠭ ᠲᠤ  ᠭᠤᠷᠪᠠᠳᠠᠬᠢ ᠤᠳᠠᠭ᠎ᠠ ᠪᠣᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ