ᠵᠠᠪᠬᠠᠨ ᠤ ᠢᠳᠡᠷ ᠰᠤᠮᠤ ᠥᠩᠭᠡᠷᠡᠭᠰᠡᠨ ᠵᠢᠯ ᠠᠩᠬ᠎ᠠ ᠤᠳᠠᠭ᠎ᠠ ᠲᠡᠵᠢᠭᠡᠯ ᠦᠨ ᠣᠯᠠᠨ ᠨᠠᠰᠤᠲᠤ ᠤᠷᠭᠤᠮᠠᠯ ᠪᠣᠯᠬᠤ ᠰᠢᠷ᠎ᠠ ᠴᠠᠷᠭᠠᠰᠤ ᠶᠢ 50 ᠭᠠ ᠲᠠᠯᠠᠪᠠᠢ ᠳᠤ ︽ᠮᠧᠷᠰᠢ ᠺᠣᠷ︾ ᠣᠯᠠᠨ ᠤᠯᠤᠰ ᠤᠨ ᠪᠠᠶᠢᠭᠤᠯᠤᠯᠭ᠎ᠠ ᠶᠢᠨ ᠬᠥᠷᠥᠩᠭᠡ ᠣᠷᠣᠭᠤᠯᠤᠯᠲᠠ ᠲᠠᠢ ᠪᠠᠷ ᠲᠠᠷᠢᠶᠠᠯᠠᠵᠠᠢ᠃
ᠥᠩᠭᠡᠷᠡᠭᠰᠡᠨ ᠵᠢᠯ ᠰᠠᠶᠢᠨ ᠤᠷᠭᠤᠴᠠ ᠠᠪᠤᠭᠰᠠᠨ ᠪᠥᠭᠡᠳ ᠮᠠᠯᠴᠢᠳ ᠲᠤ ᠲᠡᠵᠢᠭᠡᠯ ᠦᠨ ᠤᠷᠭᠤᠮᠠᠯ ᠲᠠᠷᠢᠶᠠᠯᠠᠬᠤ ᠲᠠᠯᠠᠪᠠᠢ ᠭᠠᠷᠭᠠᠵᠤ ᠹᠧᠷᠮᠧᠷ᠂ ᠡᠷᠴᠢᠮᠵᠢᠭᠰᠡᠨ ᠮᠠᠯ ᠠᠵᠤ ᠠᠬᠤᠢ ᠬᠣᠣᠰᠯᠠᠭᠤᠯᠤᠨ ᠡᠷᠬᠢᠯᠡᠬᠦ ᠠᠵᠢᠯ ᠤᠳ ᠢ ᠥᠩᠭᠡᠷᠡᠭᠰᠡᠨ ᠵᠢᠯ ᠬᠢᠭᠰᠡᠨ᠃ ᠡᠨᠡ ᠵᠢᠯ ᠴᠠᠷᠭᠠᠰᠤ ᠲᠠᠷᠢᠶᠠᠯᠠᠬᠤ ᠲᠠᠯᠠᠪᠠᠢ ᠪᠠᠨ ᠬᠣᠶᠠᠷ ᠳᠠᠬᠢᠨ ᠲᠣᠮᠣᠰᠬᠠᠨ ᠨᠡᠮᠡᠵᠦ 12 ᠮᠠᠯᠴᠢᠨ ᠴᠠᠷᠭᠠᠰᠤ ᠲᠠᠷᠢᠶᠠᠯᠠᠬᠤ ᠪᠠᠷ ᠪᠣᠯᠵᠠᠢ᠃ ᠴᠠᠷᠭᠠᠰᠤ ᠶᠢ ᠮᠠᠰᠢ ᠰᠠᠶᠢᠨ ᠲᠠᠷᠢᠶᠠᠯᠠᠵᠤ ᠮᠠᠯ ᠢᠶᠠᠨ ᠲᠡᠵᠢᠭᠡᠵᠦ ᠴᠢᠳᠠᠪᠠᠯ ᠮᠠᠯ ᠣᠰᠤᠭᠤᠵᠤ ᠦᠷᠡᠭᠳᠡᠬᠦ ᠦᠭᠡᠢ᠂ ᠠᠮᠢᠳᠤ ᠶᠢᠨ ᠵᠢᠩ ᠨᠢ ᠤᠯᠠᠮ ᠯᠠ ᠨᠡᠮᠡᠭᠳᠡᠳᠡᠭ ᠠᠰᠢᠭᠲᠠᠢ ᠤᠷᠭᠤᠮᠠᠯ ᠶᠤᠮ᠃