ᠭᠠᠳᠠᠭᠠᠳᠤ ᠶᠠᠮᠤᠨ ᠳᠤ ᠢᠷᠡᠭᠦᠯᠦᠭᠰᠡᠨ ᠮᠡᠳᠡᠭᠡᠯᠡᠯ ᠪᠠᠶᠢᠭᠰᠠᠨ | News.MN

ᠭᠠᠳᠠᠭᠠᠳᠤ ᠶᠠᠮᠤᠨ ᠳᠤ ᠢᠷᠡᠭᠦᠯᠦᠭᠰᠡᠨ ᠮᠡᠳᠡᠭᠡᠯᠡᠯ ᠪᠠᠶᠢᠭᠰᠠᠨ

ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠥᠩᠭᠡᠷᠡᠭᠰᠡᠨ ᠳᠣᠯᠣᠭ᠎ᠠ ᠬᠣᠨᠣᠭ ᠲᠤ  ᠰᠸᠢᠰ ᠲᠦ ᠠᠶᠢᠯᠴᠢᠯᠠᠭᠰᠠᠨ᠃ ᠠᠶᠢᠯᠴᠢᠯᠠᠯ ᠤᠨ ᠦᠶ᠎ᠡ ᠪᠡᠷ ᠰᠠᠩ ᠤᠨ ᠰᠠᠶᠢᠳ ᠠᠰᠠᠨ ᠰ ∙ ᠪᠠᠶᠠᠷᠴᠣᠭᠲᠤ ᠶᠢᠨ  ᠤᠹᠹᠱᠤᠷ ᠳ᠋ᠡᠬᠢ ᠲᠠᠪᠤᠨ ᠳᠠᠩᠰᠠᠨ ᠤ ᠪᠠᠷᠢᠮᠲᠠ ᠶᠢ ᠠᠪᠴᠢᠷᠠᠭᠰᠠᠨ ᠲᠤᠬᠠᠢ  ᠮᠡᠳᠡᠭᠳᠡᠭᠰᠡᠨ᠃ ᠡᠨᠡ ᠲᠠᠯ᠎ᠠ ᠪᠠᠷ ᠤᠯᠤᠰ ᠤᠨ ᠶᠡᠬᠡ ᠬᠤᠷᠠᠯ ᠤᠨ ᠭᠡᠰᠢᠭᠦᠨ ᠪ ∙ ᠫᠦᠷᠪᠦᠳᠣᠷᠵᠢ ᠠᠴᠠ ᠲᠣᠳᠣᠷᠠᠭᠤᠯᠬᠤ ᠳᠤ ᠄ ᠮᠢᠨᠦ ᠠᠪᠤᠭᠰᠠᠨ ᠮᠡᠳᠡᠭᠡᠯᠡᠯ ᠢᠶᠡᠷ ᠠᠪᠯᠢᠭ᠎ᠠ ᠲᠠᠢ ᠲᠡᠮᠡᠴᠡᠬᠦ ᠭᠠᠵᠠᠷ ᠪᠣᠯᠤᠨ ᠫᠷᠣᠺᠦᠷᠣᠷ ᠤᠨ ᠪᠠᠶᠢᠭᠤᠯᠤᠯᠭ᠎ᠠ ᠠᠴᠠ ᠰᠸᠢᠰ ᠤᠯᠤᠰ ᠲᠤ ᠬᠦᠰᠡᠯᠲᠡ ᠲᠠᠯᠪᠢᠭᠰᠠᠨ ᠤ ᠦᠨᠳᠦᠰᠦᠨ ᠳᠡᠭᠡᠷ᠎ᠡ ᠲᠣᠳᠣᠷᠬᠠᠢ ᠮᠡᠳᠡᠭᠡᠯᠡᠯ ᠢᠷᠡᠭᠰᠡᠨ ᠭᠡᠵᠦ ᠰᠣᠨᠣᠰᠤᠭᠰᠠᠨ᠃ ᠥᠭᠡᠷ᠎ᠡ ᠪᠡᠷ ᠬᠡᠯᠡᠪᠡᠯ᠂ ᠲᠤᠰ ᠤᠯᠤᠰ ᠲᠤ ᠪᠢᠳᠡᠨ ᠢ ᠠᠶᠢᠯᠴᠢᠯᠠᠬᠤ ᠦᠶ᠎ᠡ ᠪᠡᠷ ᠪᠤᠰᠤ ᠬᠠᠷᠢᠨ ᠡᠭᠦᠨ ᠡᠴᠡ ᠬᠣᠶᠠᠷ ᠳᠣᠯᠣᠭ᠎ᠠ ᠬᠣᠨᠣᠭ ᠤᠨ ᠡᠮᠦᠨ᠎ᠡ ᠭᠠᠳᠠᠭᠠᠳᠤ ᠬᠠᠷᠢᠯᠴᠠᠭᠠᠨ ᠤ ᠶᠠᠮᠤᠨ ᠳᠤ ᠢᠷᠡᠭᠰᠡᠨ ᠮᠡᠳᠡᠭᠡᠯᠡᠯ ᠢ ᠥᠪᠡᠷᠰᠡᠳ ᠢᠶᠡᠨ ᠠᠪᠴᠢᠷᠠᠭᠰᠠᠨ ᠮᠡᠲᠦ ᠪᠡᠷ ᠶᠠᠷᠢᠭᠰᠠᠨ ᠪᠠᠶᠢᠨ᠎ᠡ ᠯᠠᠢ ᠭᠡᠰᠡᠨ ᠶᠤᠮ᠃ ᠲᠡᠭᠦᠨ ᠡᠴᠡ ᠳᠠᠷᠠᠭᠠᠬᠢ ᠵᠦᠢᠯ ᠢ ᠲᠤᠳᠤᠷᠠᠭᠤᠯᠤᠯ᠎ᠠ ᠃
–  ᠲᠠ ᠨᠠᠷ ᠢ ᠠᠶᠢᠯᠴᠢᠯᠠᠬᠤ ᠦᠶ᠎ᠡ ᠪᠡᠷ ᠡᠶᠢᠮᠦ ᠠᠰᠠᠭᠤᠳᠠᠯ ᠶᠠᠷᠢᠭᠳᠠᠭ᠎ᠠ ᠦᠭᠡᠢ ᠭᠡᠵᠦ ᠣᠶᠢᠯᠠᠭᠠᠵᠤ ᠪᠣᠯᠬᠤ ᠤᠤ ︖
– ᠬᠠᠤᠯᠢ ᠬᠢᠨᠠᠯᠲᠠ ᠶᠢᠨ ᠪᠠᠶᠢᠭᠤᠯᠤᠯᠭ᠎ᠠ ᠶᠢᠨ ᠬᠦᠮᠦᠰ ᠲᠡᠢ ᠣᠭᠲᠣ ᠠᠭᠤᠯᠵᠠᠭ᠎ᠠ ᠦᠭᠡᠢ᠃ ᠬᠠᠷᠢᠨ  ᠰᠸᠢᠰ ᠤᠨ ᠬᠣᠯᠪᠣᠭᠠᠨ ᠤ ᠤᠯᠤᠰ ᠤᠨ ᠤᠳᠤᠷᠢᠳᠬᠤ ᠠᠯᠪᠠᠨ ᠲᠤᠰᠢᠶᠠᠯᠲᠠᠳ ᠂ ᠮᠠᠨ ᠤ ᠤᠯᠤᠰ ᠢ ᠤᠹᠹᠱᠤᠷ ᠪᠥᠰᠡ ᠳᠦ ᠣᠷᠣᠭᠤᠯᠤᠭᠰᠠᠨ ᠳᠤ ᠡᠰᠡᠷᠭᠦᠴᠡᠵᠦ ᠪᠠᠶᠢᠨ᠎ᠠ ᠭᠡᠵᠦ ᠳᠤᠷ᠎ᠠ ᠦᠭᠡᠶᠢᠴᠡᠯ ᠢᠶᠡᠨ ᠢᠯᠡᠷᠬᠡᠶᠢᠯᠡᠭᠰᠡᠨ᠃

ᠰᠡᠳᠬᠢᠭᠳᠡᠯ ᠦᠯᠡᠳᠡᠭᠡᠬᠦ