ᠮ∙ᠳᠠᠸᠠᠵᠢᠷᠭᠠᠯ 1111 ᠳ᠋ᠡᠬᠢ ᠢᠯᠠᠯᠲᠠ ᠪᠠᠨ ᠠᠪᠤᠯ᠎ᠠ | News.MN

ᠮ∙ᠳᠠᠸᠠᠵᠢᠷᠭᠠᠯ 1111 ᠳ᠋ᠡᠬᠢ ᠢᠯᠠᠯᠲᠠ ᠪᠠᠨ ᠠᠪᠤᠯ᠎ᠠ

ᠶᠠᠫᠣᠨ ᠤ ᠮᠡᠷᠭᠡᠵᠢᠯ ᠦᠨ ᠰᠦᠮᠣ᠋ ᠪᠥᠬᠡ ᠶᠢᠨ ᠬᠠᠷᠤ᠋ ᠪᠠᠱᠶᠤ᠋ ᠤᠤᠰᠠᠺᠠ ᠬᠤᠲᠠ ᠳᠤ ᠦᠷᠭᠦᠯᠵᠢᠯᠡᠵᠦ ᠪᠤᠢ ᠡᠳᠡᠭᠡᠷ ᠡᠳᠦᠷ ᠦᠳ ᠲᠦ ᠶᠡᠬᠡ ᠠᠪᠤᠷᠭᠤ ᠬᠠᠺᠤᠬᠤ᠋ ᠮ∙ᠳᠠᠸᠠᠵᠢᠷᠭᠠᠯ 1111 ᠳ᠋ᠡᠬᠢ ᠢᠯᠠᠯᠲᠠ ᠪᠠᠨ ᠪᠠᠶᠢᠭᠤᠯᠵᠤ ᠲᠡᠦᠬᠡᠨ ᠠᠮᠵᠢᠯᠲᠠ ᠶᠢᠨ ᠡᠵᠡᠨ ᠪᠣᠯᠤᠭᠠᠳ ᠪᠠᠶᠢᠨ᠎ᠠ᠃ ᠲᠡᠷᠡᠪᠡᠷ ᠡᠨᠡ ᠰᠠᠷ᠎ᠠ ᠶᠢᠨ 16  ᠤ ᠡᠳᠦᠷ 1337 ᠳ᠋ᠡᠬᠢ ᠪᠠᠷᠢᠯᠳᠤᠭᠠᠨ ᠢᠶᠠᠨ ᠬᠢᠭᠰᠡᠨ ᠪᠥᠭᠡᠳ ᠰᠣᠳᠣᠨ ᠠᠮᠵᠢᠯᠲᠠ ᠪᠠᠨ ᠬᠥᠭᠵᠢᠶᠡᠨ ᠳᠡᠮᠵᠢᠭᠴᠢᠳ ᠲᠡᠢ ᠪᠡᠨ ᠬᠤᠪᠢᠶᠠᠯᠴᠠᠭᠰᠠᠨ ᠪᠠᠶᠢᠨ᠎ᠠ᠃ ᠣᠳᠣ ᠶᠢᠨ ᠪᠠᠶᠢᠳᠠᠯ ᠢᠶᠠᠷ ᠪᠠᠱᠶᠤ᠋ ᠶᠢ ᠨᠢᠭᠡ ᠴᠤ ᠤᠨᠠᠭᠰᠠᠨ ᠦᠭᠡᠢ ᠪᠡᠷ ᠲᠡᠷᠢᠭᠦᠯᠡᠵᠦ ᠪᠤᠢ ᠮ∙ᠳᠠᠸᠠᠵᠢᠷᠭᠠᠯ ᠥᠴᠥᠭᠡᠳᠦᠷ ᠦᠨ ᠪᠠᠷᠢᠯᠳᠤᠭᠠᠨ ᠳᠤ ᠲᠤᠴᠢᠤᠽᠠᠨ ᠢ ᠳᠠᠪᠠᠵᠤ᠂ ᠨᠠᠢᠮᠠᠳᠠᠬᠢ ᠳᠠᠪᠠᠭ᠎ᠠ ᠪᠠᠨ ᠠᠪᠤᠭᠰᠠᠨ ᠶᠤᠮ᠃ ᠲᠡᠭᠦᠨ ᠲᠡᠢ ᠬᠠᠮᠲᠤ ᠲᠡᠷᠢᠭᠦᠯᠡᠵᠦ ᠶᠠᠪᠤᠭᠰᠠᠨ ᠢᠴᠢᠨᠤᠵᠶᠤ᠋ ᠠ᠊∙ᠢᠴᠢᠨᠨᠣᠷᠪᠤ  ᠤᠽᠠᠺᠢ ᠲᠤᠴᠢᠨᠤᠰᠢᠨ ᠳᠤ ᠢᠯᠠᠭᠳᠠᠭᠰᠠᠨ ᠢᠶᠠᠷ ᠳᠣᠯᠣᠭ᠎ᠠ ᠳᠠᠪᠠᠭ᠎ᠠ᠂ ᠨᠢᠭᠡ ᠤᠨᠤᠭ᠎ᠠ ᠲᠠᠢ ᠪᠣᠯᠤᠭᠰᠠᠨ᠃

ᠰᠡᠳᠬᠢᠭᠳᠡᠯ ᠦᠯᠡᠳᠡᠭᠡᠬᠦ