ᠬ∙ᠪᠠᠯᠵᠢᠨᠨᠢᠮ᠎ᠠ ᠪᠥᠭᠡᠷᠡᠨᠴᠡᠭ ᠰᠢᠳᠡᠯᠲᠡ ᠶᠢᠨ ᠬᠦᠷᠡᠯ ᠮᠧᠳᠠᠯ ᠬᠦᠷᠲᠡᠯ᠎ᠡ | News.MN

ᠬ∙ᠪᠠᠯᠵᠢᠨᠨᠢᠮ᠎ᠠ ᠪᠥᠭᠡᠷᠡᠨᠴᠡᠭ ᠰᠢᠳᠡᠯᠲᠡ ᠶᠢᠨ ᠬᠦᠷᠡᠯ ᠮᠧᠳᠠᠯ ᠬᠦᠷᠲᠡᠯ᠎ᠡ

ᠲᠤᠰᠬᠠᠢ ᠣᠯᠢᠮᠫ ᠤᠨ ᠵᠤᠨ ᠤ 15 ᠳ᠋ᠠᠬᠢ ᠤᠳᠠᠭ᠎ᠠ ᠶᠢᠨ ᠨᠠᠭᠠᠳᠤᠮ ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠠᠪᠤ ᠳ᠋ᠠᠪᠢ ᠬᠤᠲᠠ ᠳᠤ ᠪᠣᠯᠵᠤ ᠪᠠᠶᠢᠨ᠎ᠠ᠃ ᠣᠯᠢᠮᠫ ᠤᠨ ᠬᠤᠶᠠᠳᠠᠬᠢ ᠡᠳᠦᠷ ᠵᠢᠦ᠋ᠳᠣ᠋ ᠍ ᠶᠢᠨ ᠡᠮᠡᠭᠲᠡᠶᠢᠴᠦᠳ ᠦᠨ -57 ᠺᠢᠯᠦᠭᠷᠡᠮ ᠦᠨ ᠵᠢᠩ ᠳᠦ ᠪᠠᠷᠢᠯᠳᠤᠭᠰᠠᠨ ᠡ᠊∙ᠪᠢᠮᠪᠠᠵᠢᠷᠭᠠᠯ ᠪᠣᠯᠤᠨ ᠡᠷᠡᠭᠲᠡᠶᠢᠴᠦᠳ ᠦᠨ -100 ᠺᠢᠯᠦᠭᠷᠡᠮ  ᠦᠨ ᠵᠢᠩ ᠳᠦ ᠪᠠᠷᠢᠯᠳᠤᠭᠰᠠᠨ ᠥ᠊∙ᠠᠮᠤᠷᠰᠠᠨᠠᠭ᠎ᠠ ᠨᠠᠷ ᠬᠦᠷᠡᠯ ᠮᠧᠳᠠᠯ ᠬᠦᠷᠲᠡᠵᠦ ᠮᠣᠩᠭᠣᠯ ᠤᠨ ᠪᠠᠭ ᠤᠨ ᠮᠧᠳᠠᠯ ᠤᠨ ᠰᠠᠯᠬᠢ ᠶᠢ ᠬᠠᠭᠠᠯᠤᠭᠰᠠᠨ᠃ ᠬᠠᠷᠢᠨ ᠰᠠᠶ᠋ᠢᠬᠠᠨ ᠪᠥᠭᠡᠷᠡᠨᠴᠡᠭ ᠰᠢᠳᠡᠯᠲᠡ ᠶᠢᠨ ᠲᠥᠷᠥᠯ ᠢᠶᠡᠷ ᠮᠠᠨ ᠤ ᠤᠯᠤᠰ ᠤᠨ ᠲᠠᠮᠢᠷᠴᠢᠨ ᠬ∙ᠪᠠᠯᠵᠢᠨᠨᠢᠮ᠎ᠠ ᠠᠩᠭᠢᠯᠠᠯ ᠳᠤ ᠪᠠᠨ ᠭᠤᠷᠪᠠᠳᠤᠭᠠᠷ ᠪᠠᠶᠢᠷᠢ ᠳᠤ ᠣᠷᠣᠵᠤ᠂ ᠬᠦᠷᠡᠯ ᠮᠧᠳᠠᠯ ᠬᠦᠷᠲᠡᠭᠰᠡᠨ ᠪᠠᠶᠢᠨ᠎ᠠ᠃ ᠲᠡᠷᠡᠪᠡᠷ ᠡᠮᠦᠨᠡᠭᠣᠪᠢ ᠠᠶᠢᠮᠠᠭ ᠤᠨ ᠬᠠᠷᠢᠶᠠᠲᠤ 23 ᠨᠠᠰᠤᠲᠠᠢ᠂ ᠡᠨᠡ ᠲᠥᠷᠥᠯ ᠳᠦ ᠲᠤᠷᠰᠢᠯᠭ᠎ᠠ ᠳᠤᠲᠠᠮᠠᠭ ᠴᠤ ᠮᠧᠳᠠᠯ ᠤᠨ ᠪᠣᠯᠵᠣᠯ ᠬᠠᠩᠭᠠᠵᠤ ᠴᠢᠳᠠᠯ᠎ᠠ᠃ ᠣᠳᠣ ᠬ ∙ ᠪᠠᠯᠵᠢᠨᠨᠢᠮ᠎ᠠ 100 ᠮᠧᠲ᠋ᠷ ᠦᠨ ᠭᠦᠶᠦᠯᠲᠡ ᠶᠢᠨ ᠲᠥᠷᠥᠯ ᠳᠦ ᠥᠷᠢᠰᠦᠯᠳᠦᠨ᠎ᠡ᠃

ᠰᠡᠳᠬᠢᠭᠳᠡᠯ ᠦᠯᠡᠳᠡᠭᠡᠬᠦ