ᠺᠠᠨᠠᠳᠠ ᠰᠠᠩ 13.8 ᠲᠡᠷᠪᠤᠮ ᠲᠥᠭᠥᠷᠢᠭ ᠢ ᠵᠠᠷᠤᠴᠠᠭᠤᠯᠤᠭᠰᠠᠨ ᠭᠡᠪᠡ | News.MN

ᠺᠠᠨᠠᠳᠠ ᠰᠠᠩ 13.8 ᠲᠡᠷᠪᠤᠮ ᠲᠥᠭᠥᠷᠢᠭ ᠢ ᠵᠠᠷᠤᠴᠠᠭᠤᠯᠤᠭᠰᠠᠨ ᠭᠡᠪᠡ

ᠥᠨᠥᠳᠥᠷ ᠮᠣᠩᠭᠣᠯ ᠤᠯᠤᠰ ᠳᠠᠬᠢ ᠺᠠᠨᠠᠳᠠ ᠤᠯᠤᠰ ᠤᠨ ᠡᠯᠴᠢᠨ ᠰᠠᠶᠢᠳ ᠤᠨ ᠶᠠᠮᠤᠨ ᠠᠴᠠ  ᠺᠠᠨᠠᠳᠠ ᠰᠠᠩ ᠤᠨ ᠲᠠᠯ᠎ᠠ ᠪᠠᠷ ᠢᠷᠭᠡᠳ ᠲᠦ ᠨᠡᠭᠡᠭᠡᠯᠲᠡᠲᠡᠢ ᠮᠡᠳᠡᠭᠡᠯᠡᠯ ᠥᠭᠬᠦ ᠡᠳᠦᠷᠯᠢᠭ ᠪᠣᠯᠤᠯ᠎ᠠ᠃ ᠲᠤᠰ ᠰᠠᠩ ᠮᠣᠩᠭᠣᠯ ᠤᠯᠤᠰ ᠲᠤ 1997 ᠣᠨ ᠳᠤ ᠪᠠᠶᠢᠭᠤᠯᠤᠭᠳᠠᠭᠰᠠᠨ ᠠᠴᠠ ᠬᠣᠶᠢᠰᠢ ᠲᠣᠭᠲᠠᠮᠠᠯ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠨᠡᠶᠢᠲᠡ 22 ᠵᠢᠯ ᠦᠨ ᠬᠤᠭᠤᠴᠠᠭᠠᠨ ᠳᠤ ᠨᠡᠶᠢᠲᠡ 426 ᠲᠥᠰᠥᠯ ᠳᠦ 13.8 ᠲᠡᠷᠪᠤᠮ ᠲᠥᠭᠥᠷᠢᠭ ᠦᠨ ᠰᠠᠩᠬᠦᠦᠵᠢᠯᠲᠠ ᠣᠯᠭᠤᠵᠠᠢ᠃
ᠺᠠᠨᠠᠳᠠ ᠰᠠᠩ ᠢᠷᠡᠬᠦ ᠳᠥᠷᠪᠡᠳᠦᠭᠡᠷ ᠰᠠᠷ᠎ᠠ ᠠᠴᠠ ᠢᠷᠭᠡᠳ ᠡᠴᠡ ᠲᠥᠰᠥᠯ ᠦᠳ ᠬᠦᠯᠢᠶᠡᠨ ᠠᠪᠴᠤ ᠡᠬᠢᠯᠡᠬᠦ  ᠠᠵᠠᠢ᠃ ᠰᠠᠩᠬᠦᠦᠵᠢᠯᠲᠠ ᠠᠪᠬᠤ ᠶᠢ ᠬᠦᠰᠡᠭᠰᠡᠨ ᠲᠥᠰᠦᠯ ᠨᠢ ᠳᠥᠷᠪᠡᠨ ᠰᠠᠷ᠎ᠠ ᠠᠴᠠ ᠬᠣᠶᠠᠷ ᠵᠢᠯ ᠬᠦᠷᠲᠡᠯᠡᠬᠢ ᠬᠤᠭᠤᠴᠠᠭᠠᠨ ᠳᠤ ᠦᠷᠭᠦᠯᠵᠢᠯᠡᠬᠦ ᠪᠣᠯᠤᠮᠵᠢ ᠲᠠᠢ᠂ ᠠᠰᠢᠭ ᠤᠨ ᠪᠤᠰᠤ᠂ ᠵᠧᠨᠳᠧᠷ ᠦᠨ ᠲᠡᠭᠰᠢ ᠪᠠᠶᠢᠳᠠᠯ ᠢ ᠬᠠᠩᠭᠠᠭᠰᠠᠨ᠂ ᠪᠠᠶᠢᠭᠠᠯᠢ ᠣᠷᠴᠢᠨ ᠳᠤ ᠡᠭᠡᠯᠢᠲᠡᠢ᠂ ᠢᠷᠭᠡᠳ ᠲᠦ ᠦᠷ᠎ᠡ ᠦᠭᠭᠦᠭᠡᠵᠢ ᠲᠡᠢ ᠪᠠᠶᠢᠬᠤ ᠵᠡᠷᠭᠡ ᠰᠢᠯᠭᠠᠭᠤᠷ ᠲᠠᠯᠪᠢᠭᠳᠠᠬᠤ ᠶᠤᠮ ᠪᠠᠶᠢᠨ᠎ᠠ᠃ ᠥᠩᠭᠡᠷᠡᠭᠰᠡᠨ ᠵᠢᠯ ᠦᠳ ᠲᠦ ᠺᠠᠨᠠᠳᠠ ᠰᠠᠩ ᠠᠴᠠ ᠰᠠᠩᠬᠦᠦᠵᠢᠯᠲᠠ ᠠᠪᠴᠤ᠂ ᠬᠡᠷᠡᠭᠵᠢᠭᠰᠡᠨ ᠲᠥᠰᠦᠯ ᠦᠳ ᠦᠨ 62.5 ᠬᠤᠪᠢ ᠨᠢ ᠣᠷᠣᠨ ᠨᠤᠲᠤᠭ ᠤᠨ ᠬᠥᠭᠵᠢᠯ ᠢ ᠳᠡᠮᠵᠢᠭᠰᠡᠨ ᠲᠥᠰᠦᠯ ᠦᠳ ᠪᠠᠶᠢᠵᠠᠢ᠃ ᠮᠥᠨ ᠳᠠᠪᠬᠤᠷᠳᠠᠭᠰᠠᠨ ᠲᠣᠭ᠎ᠠ ᠪᠠᠷ ᠵᠢᠷᠭᠤᠭᠠᠨ ᠰᠠᠶ᠎ᠠ ᠣᠷᠴᠢᠮ ᠬᠦᠮᠦᠨ ᠤᠭ ᠲᠥᠰᠦᠯ ᠦᠳ ᠦᠨ ᠦᠷ᠎ᠡ ᠦᠭᠭᠦᠭᠡᠵᠢ ᠶᠢ ᠬᠦᠷᠲᠡᠭᠰᠡᠨ ᠡᠴᠡ ᠣᠯᠠᠩᠬᠢ ᠨᠢ ᠬᠡᠦᠬᠡᠳ᠂ ᠡᠮᠡᠭᠲᠡᠶᠢᠴᠦᠳ ᠶᠤᠮ ᠪᠠᠶᠢᠨ᠎ᠠ᠃ ᠺᠠᠨᠠᠳᠠ ᠰᠠᠩ ᠤᠨ ᠵᠣᠷᠢᠯᠭ᠎ᠠ ᠨᠢ ᠬᠥᠭᠵᠢᠵᠦ ᠪᠤᠢ ᠣᠷᠣᠨ ᠨᠤᠭᠤᠳ ᠤᠨ ᠲᠣᠭᠲᠠᠪᠤᠷᠢᠲᠠᠢ ᠬᠥᠭᠵᠢᠯ ᠢ ᠳᠡᠮᠵᠢᠵᠦ᠂ ᠶᠠᠳᠠᠭᠤᠷᠠᠯ ᠢ ᠪᠠᠭᠤᠷᠠᠭᠤᠯᠬᠤ᠂ ᠠᠶᠤᠯ ᠦᠭᠡᠢ ᠰᠢᠳᠤᠷᠭᠤ᠂ ᠳᠡᠪᠰᠢᠯᠲᠡ ᠲᠡᠢ ᠨᠡᠶᠢᠭᠡᠮ ᠪᠠᠶᠢᠭᠤᠯᠬᠤ ᠳᠤ ᠬᠤᠪᠢ ᠨᠡᠮᠡᠷᠢ ᠪᠡᠨ ᠣᠷᠣᠭᠤᠯᠬᠤ ᠳᠤ ᠴᠢᠭᠯᠡᠳᠡᠭ ᠠᠵᠠᠢ᠃

ᠰᠡᠳᠬᠢᠭᠳᠡᠯ ᠦᠯᠡᠳᠡᠭᠡᠬᠦ