《ᠱ∙ᠰᠦᠷᠦᠩᠵᠠᠪ -ᠰᠢᠨ᠎ᠡ ᠮᠣᠩᠭᠣᠯ ᠤᠨ ᠰᠤᠶᠤᠯ 》ᠬᠤᠷᠠᠯ ᠪᠣᠯᠤᠯ᠎ᠠ | News.MN

《ᠱ∙ᠰᠦᠷᠦᠩᠵᠠᠪ -ᠰᠢᠨ᠎ᠡ ᠮᠣᠩᠭᠣᠯ ᠤᠨ ᠰᠤᠶᠤᠯ 》ᠬᠤᠷᠠᠯ ᠪᠣᠯᠤᠯ᠎ᠠ

ᠮᠣᠩᠭᠣᠯ ᠤᠯᠤᠰ ᠤᠨ ᠠᠷᠠᠳ ᠤᠨ ᠤᠷᠠᠨ ᠵᠣᠬᠢᠶᠠᠯᠴᠢ᠂ ᠲᠥᠷᠥ ᠶᠢᠨ ᠱᠠᠩᠨᠠᠯᠲᠤ ᠢᠷᠠᠭᠤ ᠨᠠᠶᠢᠷᠠᠭᠴᠢ ᠰᠢᠷᠠᠪ ᠤᠨ ᠰᠦᠷᠦᠩᠵᠠᠪ ᠠᠭᠰᠠᠨ ᠤ ᠮᠡᠨᠳᠦᠯᠡᠭᠰᠡᠨ ᠦ 80 ᠵᠢᠯ ᠦᠨ ᠣᠢ ᠳᠤ ᠵᠣᠷᠢᠭᠤᠯᠤᠭᠰᠠᠨ ︽ᠱ ∙ ᠰᠦᠷᠦᠩᠵᠠᠪ -ᠰᠢᠨ᠎ᠡ ᠮᠣᠩᠭᠣᠯ ᠤᠨ ᠰᠢᠨ᠎ᠡ ᠰᠤᠶᠤᠯ ︾ ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠥᠨᠥᠳᠥᠷ ᠲᠤᠰᠠᠭᠠᠷ ᠲᠣᠭᠲᠠᠨᠢᠯ ᠤᠨ ᠣᠷᠳᠣᠨ ᠳᠤ ᠪᠣᠯᠤᠯ᠎ᠠ᠃ ᠡᠷᠳᠡᠮ ᠰᠢᠨᠵᠢᠯᠡᠭᠡᠨ ᠦ ᠬᠤᠷᠠᠯ ᠢ  ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠬᠡᠯᠡ ᠵᠣᠬᠢᠶᠠᠯ ᠤᠨ ᠬᠦᠷᠢᠶᠡᠯᠡᠩ᠂ ᠤᠯᠠᠭᠠᠨᠪᠠᠭᠠᠲᠤᠷ ᠤᠨ ᠶᠡᠬᠡ ᠰᠤᠷᠭᠠᠭᠤᠯᠢ᠂ ᠮᠣᠩᠭᠣᠯ ᠤᠯᠤᠰ ᠤᠨ ᠲᠥᠷᠥ ᠶᠢᠨ ᠱᠠᠩᠨᠠᠯᠲᠤ ᠢᠷᠠᠭᠤ ᠨᠠᠶᠢᠷᠠᠭᠴᠢ᠂ ᠠᠷᠠᠳ ᠤᠨ ᠤᠷᠠᠨ ᠵᠣᠬᠢᠶᠠᠯᠴᠢ ᠱ∙ᠰᠦᠷᠦᠩᠵᠠᠪ ᠠᠭᠰᠠᠨ ᠤ ᠦᠷ᠎ᠡ ᠬᠡᠦᠬᠡᠳ᠂ ᠠᠬ᠎ᠠ ᠳᠡᠭᠦᠦ ᠨᠠᠷ ᠵᠣᠬᠢᠶᠠᠨ ᠪᠠᠶᠢᠭᠤᠯᠤᠭᠰᠠᠨ ᠪᠠᠶᠢᠨ᠎ᠠ᠃
ᠡᠷᠳᠡᠮ ᠰᠢᠨᠵᠢᠯᠡᠭᠡᠨ ᠦ ᠬᠤᠷᠠᠯ ᠢᠶᠠᠷ᠄ ︽ᠲᠩᠷᠢ ᠶᠢᠨ ᠢᠷᠠᠭᠤ ᠨᠠᠶᠢᠷᠠᠭᠴᠢ ᠶᠢᠨ ᠤᠷᠠᠯᠠᠬᠤᠢ ᠶᠢᠨ ᠶᠢᠷᠲᠢᠨᠴᠦ︾︔ ︽ᠬᠡᠷᠦᠯᠦᠨ ᠦ  ᠪᠠᠷᠢᠶ᠎ᠠ︾ ᠷᠣᠮᠠᠨ ᠤ ᠲᠤᠭᠤᠷᠪᠢᠯ ᠵᠦᠢ ᠶᠢᠨ ᠣᠨᠴᠠᠯᠢᠭ ᠠᠴᠠ︔ ᠱ∙ᠰᠦᠷᠦᠩᠵᠠᠪ  ᠦᠨ ᠢᠷᠠᠭᠤ ᠨᠠᠶᠢᠷᠠᠭ ᠤᠨ ᠳᠦᠷᠢ ᠳᠦᠷᠰᠦᠯᠡᠯ᠂ ᠤᠷᠠᠨ ᠰᠠᠶᠢᠬᠠᠨ ᠤ ᠣᠨᠴᠠᠯᠢᠭ ᠪᠤᠶᠤ  ︽ᠲᠩᠷᠢ ᠦᠵᠡᠯ︾︔  ᠱ∙ᠰᠦᠷᠦᠩᠵᠠᠪ  ᠦᠨ ᠳᠡᠯᠭᠡᠴᠡ ᠶᠢᠨ ᠪᠦᠲᠦᠭᠡᠯ ᠳᠦ ᠲᠤᠰᠤᠭᠰᠠᠨ ᠰᠤᠶᠤᠯ ᠰᠡᠳᠬᠢᠯᠭᠡᠨ ᠦ ᠣᠨᠴᠠᠯᠢᠭ ᠢ ᠰᠢᠨᠵᠢᠬᠦ ᠨᠢ︔ ᠱ∙ᠰᠦᠷᠦᠩᠵᠠᠪ ᠤᠨ ︽ᠳᠣᠯᠭᠢᠶᠠᠨᠲᠤ ᠵᠢᠯ ᠦᠳ ᠦᠨ ᠲᠤᠭᠤᠵᠢᠰ︾ ᠪᠦᠲᠦᠭᠡᠯ ᠦᠨ ᠤᠷᠠᠨ ᠰᠠᠶᠢᠬᠠᠨ᠂ ᠳᠦᠷᠢ ᠶᠢᠨ ᠠᠰᠠᠭᠤᠳᠠᠯ ᠵᠡᠷᠭᠡ ᠰᠡᠳᠦᠪ ᠦᠳ ᠢᠶᠡᠷ ᠢᠯᠡᠳᠬᠡᠯ ᠦᠳ ᠲᠠᠯᠪᠢᠭᠳᠠᠯ᠎ᠠ᠃  ᠮᠥᠨ ᠡᠨᠡ ᠦᠶ᠎ᠡ ᠪᠡᠷ ᠬᠠᠨ-ᠠᠭᠤᠯᠠ ᠳᠡᠭᠦᠷᠭᠡ ᠶᠢᠨ ᠨᠣᠮ ᠤᠨ ᠰᠠᠩ ᠢ ᠱ∙ᠰᠦᠷᠦᠩᠵᠠᠪ  ᠦᠨ ᠨᠡᠷᠡᠮᠵᠢᠲᠦ ᠪᠣᠯᠭᠠᠬᠤ ᠬᠦᠨᠳᠦᠳᠬᠡᠯ ᠦᠨ ᠶᠣᠰᠣᠯᠠᠯ ᠤᠨ ᠠᠷᠭ᠎ᠠ ᠬᠡᠮᠵᠢᠶ᠎ᠡ ᠪᠣᠯᠤᠭᠰᠠᠨ ᠶᠤᠮ᠃  ᠭᠤᠷᠪᠠᠳᠤᠭᠠᠷ ᠰᠠᠷ᠎ᠠ ᠶᠢᠨ 16 ᠍ ᠤ 15᠄00 ᠴᠠᠭ ᠲᠤ ᠲᠤᠰᠠᠭᠠᠷ ᠲᠣᠭᠲᠠᠨᠢᠯ ᠤᠨ ᠣᠷᠳᠣᠨ ᠳᠤ ᠢᠷᠠᠭᠤ ᠨᠠᠶᠢᠷᠠᠭᠴᠢ ᠱ∙ᠰᠦᠷᠦᠩᠵᠠᠪ ᠠᠭᠰᠠᠨ ᠤ ᠨᠡᠷᠡᠮᠵᠢᠲᠦ  ︽ᠡᠪ ᠨᠢᠭᠡᠳᠦᠯ ᠦᠨ ᠴᠣᠮᠣ︾ ᠵᠠᠯᠠᠭᠤᠴᠤᠳ ᠤᠨ ᠢᠷᠠᠭᠤ ᠨᠠᠶᠢᠷᠠᠭ ᠤᠨ ᠤᠯᠤᠰ ᠤᠨ ᠠᠩᠬᠠᠳᠤᠭᠠᠷ ᠨᠠᠭᠠᠳᠤᠮ ᠵᠣᠬᠢᠶᠠᠨ ᠪᠠᠶᠢᠭᠤᠯᠤᠭᠳᠠᠪᠠ᠃ ᠨᠠᠭᠠᠳᠤᠮ ᠨᠢ ᠴᠢᠨᠠᠭᠰᠢᠳᠠ ᠵᠢᠯ ᠪᠦᠷᠢ ᠤᠯᠠᠮᠵᠢᠯᠠᠯ ᠪᠣᠯᠤᠨ ᠵᠣᠬᠢᠶᠠᠨ ᠪᠠᠶᠢᠭᠤᠯᠤᠭᠳᠠᠬᠤ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ