ᠮᠣᠩᠭᠣᠯ ᠳᠤ ᠳ᠋ᠷᠢᠹᠲ ᠰᠤᠷᠭᠠᠯᠲᠠ ᠬᠢᠴᠢᠶᠡᠯᠯᠡᠵᠦ ᠡᠬᠢᠯᠡᠯ᠎ᠡ | News.MN

ᠮᠣᠩᠭᠣᠯ ᠳᠤ ᠳ᠋ᠷᠢᠹᠲ ᠰᠤᠷᠭᠠᠯᠲᠠ ᠬᠢᠴᠢᠶᠡᠯᠯᠡᠵᠦ ᠡᠬᠢᠯᠡᠯ᠎ᠡ

ᠮᠣᠩᠭᠣᠯ ᠤᠨ ᠮᠡᠷᠭᠡᠵᠢᠯ ᠦᠨ ᠰᠫᠣᠷᠲ ᠠᠦ᠋ᠲ᠋ᠤ᠋ ᠮᠠᠰᠢᠨ ᠤ ᠬᠣᠯᠪᠣᠭ᠎ᠠ᠂ Mongol63 Circuit ᠍ ᠦᠨ ᠬᠢᠨ ᠠᠦ᠋ᠲ᠋ᠣ᠋ ᠰᠫᠣᠷᠲ ᠰᠣᠨᠢᠷᠬᠠᠭᠴᠢᠳ ᠤᠨ ᠢᠶᠠᠨ ᠬᠦᠰᠡᠯᠲᠡ ᠪᠡᠷ ᠮᠣᠩᠭᠣᠯ ᠳᠤ ᠠᠩᠬ᠎ᠠ ᠤᠳᠠᠭ᠎ᠠ ᠳ᠋ᠷᠢᠹᠲ  ᠦᠨ ᠺᠦᠷᠰ ᠢ ᠬᠢᠴᠢᠶᠡᠯᠯᠡᠭᠦᠯᠵᠦ ᠡᠬᠢᠯᠡᠯ᠎ᠡ᠃ ᠲᠤᠰ ᠺᠦᠷᠰ ᠨᠢ ᠳ᠋ᠷᠢᠹᠲ  ᠦᠨ ᠰᠫᠣᠷᠲ ᠥᠨᠳᠥᠷ ᠬᠥᠭᠵᠢᠭᠰᠡᠨ ᠣᠷᠣᠨ ᠨᠤᠭᠤᠳ ᠲᠤ ᠲᠣᠭᠲᠠᠮᠠᠯ ᠬᠢᠴᠢᠶᠡᠯᠯᠡᠳᠡᠭ ᠪᠥᠭᠡᠳ ᠮᠣᠩᠭᠣᠯ ᠳᠤ ᠠᠩᠬ᠎ᠠ ᠤᠳᠠᠭ᠎ᠠ ᠳ᠋ᠷᠢᠹᠲ  ᠦᠨ ᠵᠣᠷᠢᠭᠤᠯᠤᠯᠲᠠ ᠶᠢᠨ ᠠᠦ᠋ᠲ᠋ᠣ᠋ ᠤᠷᠤᠯᠳᠤᠭᠠᠨ ᠤ ᠲᠣᠭᠣᠷᠢᠭ ᠵᠠᠮ ᠠᠰᠢᠭᠯᠠᠯᠲᠠ ᠳᠤ ᠣᠷᠣᠭᠰᠠᠨ  ᠪᠤᠯᠬᠤᠷ  ᠬᠤᠶᠠᠷ ᠲᠦᠪᠰᠢᠨ ᠦ ᠠᠩᠭᠢᠯᠠᠯ ᠢᠶᠠᠷ ᠬᠢᠴᠢᠶᠡᠯᠯᠡᠬᠦ ᠪᠡᠷ ᠪᠦᠷᠢᠳᠭᠡᠯ ᠬᠢᠵᠦ ᠪᠠᠶᠢᠨ᠎ᠠ᠃
ᠬᠢᠴᠢᠶᠡᠯ ᠢ Mongol63 Circuit ᠍ ᠦᠨ ᠮᠡᠷᠭᠡᠵᠢᠯ ᠦᠨ ᠪᠠᠭᠰᠢ ᠨᠠᠷ ᠳᠷᠢᠹᠲ ᠦᠨ ᠵᠣᠷᠢᠭᠤᠯᠤᠯᠲᠠ ᠶᠢᠨ ᠲᠣᠨᠣᠭᠯᠠᠭᠰᠠᠨ ᠠᠦ᠋ᠲ᠋ᠣᠮᠠᠰᠢᠨ ᠳᠡᠭᠡᠷ᠎ᠡ ᠵᠢᠭᠠᠬᠤ ᠪᠥᠭᠡᠳ ᠣᠨᠣᠯ ᠪᠣᠯᠤᠨ ᠫᠷᠠᠺᠲ᠋ᠢᠭ ᠤᠨ ᠬᠢᠴᠢᠶᠡᠯ ᠬᠣᠣᠰᠯᠠᠭᠰᠠᠨ ᠪᠠᠶᠢᠳᠠᠯ ᠢᠶᠠᠷ ᠵᠢᠭᠠᠨ᠎ᠠ᠃
ᠮᠣᠩᠭᠣᠯ ᠤᠯᠤᠰ ᠲᠤ ᠠᠩᠬ᠎ᠠ 2008 ᠣᠨ ᠠᠴᠠ ᠳ᠋ᠷᠢᠹᠲ  ᠦᠨ ᠰᠫᠣᠷᠲ ᠢ ᠰᠣᠨᠢᠷᠬᠠᠬᠤ ᠵᠠᠯᠠᠭᠤᠰ ᠤᠨ ᠲᠣᠭ᠎ᠠ ᠨᠡᠮᠡᠭᠳᠡᠵᠦ ᠤᠭ ᠰᠫᠣᠷᠲ ᠡᠷᠴᠢᠮᠲᠡᠢ ᠬᠥᠭᠵᠢᠵᠦ ᠡᠬᠢᠯᠡᠭᠰᠡᠨ᠃ 2013 ᠣᠨ ᠳᠤ ᠮᠣᠩᠭᠣᠯ ᠤᠨ ᠮᠡᠷᠭᠡᠵᠢᠯ ᠦᠨ ᠰᠫᠣᠷᠲ ᠠᠦ᠋ᠲ᠋ᠤ᠋ ᠮᠠᠰᠢᠨ ᠤ ᠬᠣᠯᠪᠣᠭ᠎ᠠ ᠪᠠᠶᠢᠭᠤᠯᠤᠭᠳᠠᠵᠤ ᠂ ᠥᠨᠥᠳᠥᠷ ᠦᠨ ᠪᠠᠶᠢᠳᠠᠯ ᠢᠶᠠᠷ 17 ᠠᠦ᠋ᠲ᠋ᠤ᠋ ᠮᠠᠰᠢᠨ  ᠤ ᠺᠯᠦ᠋ᠪ 300 ᠭᠠᠷᠤᠢ ᠭᠡᠰᠢᠭᠦᠨ ᠲᠡᠢ ᠪᠡᠷ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠮᠣᠩᠭᠣᠯ ᠤᠨ ᠮᠡᠷᠭᠡᠵᠢᠯ ᠦᠨ ᠰᠫᠣᠷᠲ ᠠᠦ᠋ᠲ᠋ᠤ᠋ ᠮᠠᠰᠢᠨ  ᠤ ᠬᠣᠯᠪᠣᠭ᠎ᠠ ᠨᠢ ᠲᠡᠭᠡᠭᠡᠪᠦᠷᠢ ᠶᠢᠨ ᠴᠠᠭᠳᠠᠭ᠎ᠠ ᠶᠢᠨ ᠪᠠᠶᠢᠭᠤᠯᠤᠯᠭ᠎ᠠ ᠲᠠᠢ ᠬᠠᠮᠲᠤᠷᠠᠨ ᠠᠯᠪᠠᠨ ᠶᠣᠰᠣᠭᠠᠷ ᠭᠡᠰᠢᠭᠦᠳ ᠢᠶᠡᠨ ᠪᠦᠷᠢᠳᠬᠡᠯᠵᠢᠭᠦᠯᠵᠦ ᠡᠬᠢᠯᠡᠭᠡᠳ ᠪᠠᠶᠢᠭ᠎ᠠ ᠪᠥᠭᠡᠳ ᠰᠫᠣᠷᠲ ᠠᠦ᠋ᠲ᠋ᠤ᠋ ᠮᠠᠰᠢᠨ  ᠤᠨᠤᠵᠤ ᠬᠡᠷᠡᠭᠯᠡᠳᠡᠭ ᠪᠦᠬᠦ ᠵᠠᠯᠠᠭᠤᠰ ᠢ ᠬᠣᠯᠪᠣᠭᠠᠨ ᠤ ᠭᠡᠰᠢᠭᠦᠨ ᠪᠣᠯᠬᠤ ᠶᠢ ᠤᠷᠢᠵᠤ ᠪᠠᠶᠢᠨ᠎ᠠ᠃

ᠰᠡᠳᠬᠢᠭᠳᠡᠯ ᠦᠯᠡᠳᠡᠭᠡᠬᠦ