ᠴᠡᠷᠢᠭ ᠦᠨ ᠪᠠᠶᠠᠷ ᠤᠨ ᠪᠠᠷᠢᠯᠳᠤᠭᠠᠨ ᠳᠤ ᠳ∙ᠪᠧᠢᠪᠢᠲ ᠲᠦᠷᠦᠭᠦᠯᠡᠯ᠎ᠡ | News.MN

ᠴᠡᠷᠢᠭ ᠦᠨ ᠪᠠᠶᠠᠷ ᠤᠨ ᠪᠠᠷᠢᠯᠳᠤᠭᠠᠨ ᠳᠤ ᠳ∙ᠪᠧᠢᠪᠢᠲ ᠲᠦᠷᠦᠭᠦᠯᠡᠯ᠎ᠡ

ᠪᠠᠶᠠᠨ-ᠥᠯᠥᠭᠡᠢ ᠠᠶᠢᠮᠠᠭ ᠤᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠴᠡᠷᠢᠭ ᠦᠨ ᠱᠲ᠋ᠠᠪ ᠠᠴᠠ ᠵᠡᠪᠰᠡᠭᠲᠦ ᠬᠦᠴᠦᠨ ᠦ 98 ᠵᠢᠯ ᠦᠨ ᠣᠢ᠂  ︽ᠮᠣᠩᠭᠣᠯ ᠴᠡᠷᠢᠭ ᠦᠨ ᠡᠳᠦᠷ︾ ᠢ ᠲᠣᠬᠢᠶᠠᠯᠳᠤᠭᠤᠯᠤᠨ ᠣ᠊ ∙  ᠪᠠᠾᠢᠲ  ᠤᠨ ᠨᠡᠷᠡᠮᠵᠢᠲᠦ ᠰᠫᠣᠷᠲ ᠴᠣᠭᠴᠠᠯᠠᠪᠤᠷᠢ ᠳᠤ ᠥᠨᠥᠳᠥᠷ ᠦᠨᠳᠦᠰᠦᠨ ᠦ ᠪᠥᠬᠡ ᠶᠢᠨ ᠪᠠᠷᠢᠯᠳᠤᠭᠠᠨ ᠪᠣᠯᠤᠯ᠎ᠠ᠃ ᠪᠠᠷᠢᠯᠳᠤᠭᠠᠨ ᠳᠤ ᠠᠶᠢᠮᠠᠭ᠂ ᠰᠤᠮᠤ ᠶᠢᠨ ᠴᠣᠯᠠ ᠲᠠᠢ 32 ᠪᠥᠬᠡ ᠬᠦᠴᠦ ᠦᠵᠡᠨ ᠵᠣᠳᠣᠭᠯᠠᠭᠰᠠᠨ ᠠᠴᠠ ᠲᠤᠰ ᠠᠶᠢᠮᠠᠭ ᠤᠨ ᠨᠣᠭᠣᠭᠠᠨᠨᠠᠭᠤᠷ ᠰᠤᠮᠤ ᠶᠢᠨ ᠬᠠᠷᠢᠶᠠᠲᠤ ᠠᠶᠢᠮᠠᠭ ᠤᠨ ᠬᠠᠷᠴᠠᠭᠠᠢ ᠳ∙ᠪᠧᠢᠪᠢᠲ ᠲᠦᠷᠦᠭᠦᠯᠡᠵᠦ᠂ ᠪᠠᠶᠠᠨᠨᠠᠭᠤᠷ ᠰᠤᠮᠤ ᠶᠢᠨ ᠬᠠᠷᠢᠶᠠᠲᠤ ᠰᠤᠮᠤ ᠶᠢᠨ ᠵᠠᠭᠠᠨ ᠶᠡ᠊∙ᠺᠦᠫᠲ᠋ᠢᠯᠸᠺ ᠦᠵᠦᠭᠦᠷᠯᠡᠯ᠎ᠡ ᠃ ᠮᠥᠨ ᠴᠡᠩᠭᠡᠯ ᠰᠤᠮᠤ ᠶᠢᠨ ᠬᠠᠷᠢᠶᠠᠲᠤ᠂  ︽ᠵᠣᠰᠣᠲᠤ︾ ᠯᠠᠭᠧᠷ ᠤᠨ ᠪᠥᠬᠡ ᠠᠶᠢᠮᠠᠭ ᠤᠨ ᠵᠠᠭᠠᠨ ᠮ∙ᠠᠮᠠᠨᠪᠧᠺ᠂ ᠨᠣᠭᠣᠭᠠᠨᠨᠠᠭᠤᠷ ᠰᠤᠮᠤ ᠶᠢᠨ ᠬᠠᠷᠢᠶᠠᠲᠤ ᠰᠤᠮᠤ ᠶᠢᠨ ᠵᠠᠭᠠᠨ ᠲ∙ᠠᠷᠳᠠᠭᠧᠷ ᠨᠠᠷ ᠰᠢᠪᠦᠭᠡᠷᠡᠯ᠎ᠡ᠃

ᠰᠡᠳᠬᠢᠭᠳᠡᠯ ᠦᠯᠡᠳᠡᠭᠡᠬᠦ