ᠮᠣᠩᠭᠣᠯ ᠤᠯᠤᠰ ᠤᠨ ᠵᠠᠰᠠᠭ ᠤᠨ ᠭᠠᠵᠠᠷ ᠤᠨ ᠭᠡᠰᠢᠭᠦᠨ᠂ ᠪᠠᠲᠤᠯᠠᠨ ᠬᠠᠮᠠᠭᠠᠯᠠᠬᠤ ᠶᠢᠨ ᠰᠠᠶᠢᠳ ᠨ∙ᠡᠩᠬᠡᠪᠣᠯᠤᠳ ᠡᠨᠡ ᠰᠠᠷ᠎ᠠ ᠶᠢᠨ 13-15 ᠳᠤ ᠪᠦᠭᠦᠳᠡ ᠨᠠᠶᠢᠷᠠᠮᠳᠠᠬᠤ ᠲᠦᠷᠺ ᠤᠯᠤᠰ ᠲᠤ ᠠᠯᠪᠠᠨ ᠶᠣᠰᠣᠨ ᠤ ᠠᠶᠢᠯᠴᠢᠯᠠᠯ ᠬᠢᠯ᠎ᠡ᠃ ᠣᠯᠠᠨ ᠵᠢᠯ ᠦᠨ ᠨᠠᠶᠢᠷᠠᠮᠳᠠᠯᠲᠤ ᠬᠠᠷᠢᠯᠴᠠᠭ᠎ᠠ ᠲᠠᠢ ᠪᠠᠶᠢᠵᠤ ᠢᠷᠡᠭᠰᠡᠨ ᠮᠠᠨ ᠤ ᠬᠣᠶᠠᠷ ᠣᠷᠣᠨ ᠤ ᠬᠣᠭᠣᠷᠣᠨᠳᠣ ᠬᠤᠳᠠᠯᠳᠤᠭ᠎ᠠ ᠡᠳ᠋ ᠍ ᠦᠨ ᠵᠠᠰᠠᠭ᠂ ᠬᠦᠮᠦᠯᠢᠭ ᠦᠨ ᠦᠢᠯᠡ ᠠᠵᠢᠯᠯᠠᠭ᠎ᠠ ᠡᠷᠴᠢᠮ ᠲᠡᠢ ᠶᠠᠪᠤᠭᠳᠠᠵᠤ ᠢᠷᠡᠭᠰᠡᠨ᠃ ᠬᠠᠷᠢᠨ 1999 ᠣᠨ ᠠᠴᠠ ᠡᠬᠢᠯᠡᠨ ᠪᠠᠲᠤᠯᠠᠨ ᠬᠠᠮᠠᠭᠠᠯᠠᠬᠤ ᠰᠠᠯᠪᠤᠷᠢ ᠶᠢᠨ ᠬᠠᠷᠢᠯᠴᠠᠭ᠎ᠠ ᠬᠠᠮᠲᠤ ᠶᠢᠨ ᠠᠵᠢᠯᠯᠠᠭ᠎ᠠ ᠬᠡᠷᠡᠭᠵᠢᠵᠦ ᠡᠬᠢᠯᠡᠭᠰᠡᠨ ᠲᠡᠦᠬᠡ ᠲᠡᠢ᠃
ᠪᠠᠲᠤᠯᠠᠨ ᠬᠠᠮᠠᠭᠠᠯᠠᠬᠤ ᠶᠢᠨ ᠰᠠᠶᠢᠳ ᠤᠨ ᠡᠨᠡᠬᠦ ᠠᠶᠢᠯᠴᠢᠯᠠᠯ ᠣᠯᠠᠨ ᠵᠢᠯ ᠦᠨ ᠳᠠᠷᠠᠭ᠎ᠠ ᠲᠦᠷᠺ ᠤᠯᠤᠰ ᠲᠤ ᠠᠶᠢᠯᠴᠢᠯᠠᠵᠤ ᠪᠤᠢ ᠲᠣᠮᠣᠬᠠᠨ ᠠᠶᠢᠯᠴᠢᠯᠠᠯ ᠤᠳ ᠤᠨ ᠨᠢᠭᠡ ᠪᠣᠯᠵᠤ ᠪᠠᠶᠢᠨ᠎ᠠ ᠭᠡᠳᠡᠭ ᠢ ᠣᠨᠴᠠᠯᠠᠵᠤ ᠪᠠᠶᠢᠭᠰᠠᠨ ᠶᠤᠮ᠃ ᠲᠦᠷᠺ ᠤᠯᠤᠰ ᠤᠨ ᠦᠨᠳᠦᠰᠦᠨ ᠦ ᠪᠠᠲᠤᠯᠠᠨ ᠬᠠᠮᠠᠭᠠᠯᠠᠬᠤ ᠶᠢᠨ ᠰᠠᠶᠢᠳ ᠾᠤᠯᠤᠼᠢ ᠠᠺᠠᠷ ᠮᠣᠩᠭᠣᠯ ᠤᠯᠤᠰ ᠤᠨ ᠪᠠᠲᠤᠯᠠᠨ ᠬᠠᠮᠠᠭᠠᠯᠠᠬᠤ ᠶᠢᠨ ᠰᠠᠶᠢᠳ ᠢ ᠤᠭᠲᠤᠵᠤ ᠂ ᠭᠠᠭᠴᠠᠭᠠᠷᠴᠢᠯᠠᠭᠰᠠᠨ ᠪᠣᠯᠤᠨ ᠲᠥᠯᠥᠭᠡᠯᠡᠭᠴᠢᠳ ᠦᠨ ᠬᠠᠮᠲᠤ ᠥᠷᠭᠡᠳᠬᠡᠭᠰᠡᠨ ᠠᠭᠤᠯᠵᠠᠯᠲᠠ ᠨᠤᠭᠤᠳ ᠢ ᠵᠣᠬᠢᠶᠠᠨ ᠪᠠᠶᠢᠭᠤᠯᠤᠨ ᠬᠣᠶᠠᠷ ᠤᠯᠤᠰ ᠤᠨ ᠪᠠᠲᠤᠯᠠᠨ ᠬᠠᠮᠠᠭᠠᠯᠠᠬᠤ ᠰᠠᠯᠪᠤᠷᠢ ᠶᠢᠨ ᠬᠠᠷᠢᠯᠴᠠᠭ᠎ᠠ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠶᠠᠷᠢᠯᠴᠠᠭᠰᠠᠨ ᠶᠤᠮ ᠃
ᠲᠦᠷᠺ ᠤᠯᠤᠰ ᠤᠨ ᠠᠨᠺᠠᠷᠠ ᠬᠣᠲᠠ ᠳ᠋ᠡᠬᠢ ᠬᠠᠭᠤᠷᠠᠢ ᠵᠠᠮ ᠤᠨ ᠴᠡᠷᠢᠭ ᠦᠨ ᠶᠡᠬᠡ ᠰᠤᠷᠭᠠᠭᠤᠯᠢ ᠳᠤ ᠮᠣᠩᠭᠣᠯ ᠤᠯᠤᠰ ᠠᠴᠠ ᠥᠨᠥᠳᠥᠷ ᠦᠨ ᠪᠠᠶᠢᠳᠠᠯ ᠢᠶᠠᠷ 22 ᠰᠣᠨᠣᠰᠤᠭᠴᠢ ᠴᠡᠷᠢᠭ ᠦᠨ ᠨᠠᠷᠢᠨ ᠮᠡᠷᠭᠡᠵᠢᠯ ᠦᠳ ᠢᠶᠡᠷ ᠰᠤᠷᠤᠯᠴᠠᠵᠤ ᠪᠠᠶᠢᠨ᠎ᠠ᠃ ᠪᠠᠲᠤᠯᠠᠨ ᠬᠠᠮᠠᠭᠠᠯᠠᠬᠤ ᠶᠢᠨ ᠰᠠᠶᠢᠳ ᠨ∙ᠡᠩᠬᠡᠪᠣᠯᠤᠳ ᠰᠣᠨᠣᠰᠤᠭᠴᠢ ᠤᠶᠤᠲᠠᠳ ᠲᠠᠢ ᠠᠭᠤᠯᠵᠠᠨ᠂ ᠲᠡᠳᠡᠨ ᠦ ᠰᠠᠨᠠᠭ᠎ᠠ ᠰᠡᠳᠬᠢᠭᠳᠡᠯ ᠢ ᠰᠤᠨᠤᠰᠤᠭᠰᠠᠨ ᠤ ᠳᠡᠭᠡᠷ᠎ᠡ ᠶᠡᠬᠡ ᠡᠵᠡᠨ ᠴᠢᠩᠭᠢᠰ ᠬᠠᠭᠠᠨ ᠤ ᠳᠤᠷᠠᠰᠬᠠᠯ ᠤᠨ ᠬᠦᠰᠢᠶᠡᠨ ᠳᠦ ᠴᠡᠴᠡᠭ ᠡᠷᠭᠦᠨ ᠬᠦᠨᠳᠦᠳᠬᠡᠯ ᠦᠵᠡᠭᠦᠯᠵᠡᠢ᠃