ᠬᠤᠯᠠᠭᠠᠶᠢᠯᠠᠭᠰᠠᠨ 279 ᠮᠥᠩᠭᠥᠨ ᠠᠶᠠᠭ᠎ᠠ ᠶᠢ ᠤᠯᠤᠰ ᠤᠨ ᠣᠷᠣᠯᠭ᠎ᠠ ᠪᠣᠯᠭᠠᠵᠠᠢ | News.MN

ᠬᠤᠯᠠᠭᠠᠶᠢᠯᠠᠭᠰᠠᠨ 279 ᠮᠥᠩᠭᠥᠨ ᠠᠶᠠᠭ᠎ᠠ ᠶᠢ ᠤᠯᠤᠰ ᠤᠨ ᠣᠷᠣᠯᠭ᠎ᠠ ᠪᠣᠯᠭᠠᠵᠠᠢ

ᠵᠠᠪᠬᠠᠨ ᠠᠶᠢᠮᠠᠭ ᠤᠨ ᠣᠳᠬᠣᠨ ᠰᠤᠮᠤ ᠶᠢᠨ ᠪᠠᠳᠠᠷᠠᠬᠤᠨᠳᠠᠭ᠎ᠠ ᠨᠠᠭᠤᠷ ᠠᠴᠠ ᠮᠥᠩᠭᠥ ᠠᠶᠠᠭ᠎ᠠ ᠬᠤᠯᠠᠭᠠᠢ ᠬᠢᠵᠦ᠂ ᠤᠯᠠᠮ ᠢᠶᠠᠷ ᠡᠯ᠎ᠡ ᠦᠢᠯᠡᠳᠦᠯ ᠢᠶᠡᠨ ᠳᠠᠯᠳᠠᠯᠠᠬᠤ ᠶᠢᠨ ᠲᠤᠯᠠᠳᠠ ᠭᠠᠯᠲᠤ ᠵᠡᠪᠰᠡᠭ ᠬᠡᠷᠡᠭᠯᠡᠭᠰᠡᠨ ᠡᠲᠡᠭᠡᠳ ᠦᠳ ᠦᠨ ᠬᠡᠷᠡᠭ ᠢ ᠥᠩᠭᠡᠷᠡᠭᠰᠡᠨ ᠣᠨ ᠤ ᠠᠷᠪᠠᠨ ᠬᠣᠶᠠᠳᠤᠭᠠᠷ ᠰᠠᠷ᠎ᠠ ᠳᠤ ᠰᠢᠭᠦᠬᠦ ᠳᠦ ᠰᠢᠯᠵᠢᠭᠦᠯᠦᠭᠰᠡᠨ ᠪᠢᠯᠡ᠃
ᠬᠡᠷᠡᠭ ᠢ ᠡᠷᠭᠢᠨ ᠰᠠᠨᠠᠭᠤᠯᠬᠤ ᠳᠤ᠂ ᠣᠳᠬᠣᠨᠲᠩᠷᠢ ᠬᠠᠶᠢᠷᠬᠠᠨ ᠠᠭᠤᠯᠠ ᠶᠢᠨ ᠤᠷᠳᠤ ᠡᠩᠭᠡᠷ ᠪᠠᠳᠠᠷᠠᠬᠤᠨᠳᠠᠭ᠎ᠠ ᠨᠠᠭᠤᠷ ᠠᠴᠠ 279 ᠰᠢᠷᠬᠡᠭ ᠮᠥᠩᠭᠥᠨ ᠠᠶᠠᠭ᠎ᠠ ᠠᠪᠬᠤ ᠳᠤ ᠪᠠᠨ᠂ ᠬᠣᠶᠢᠨ᠎ᠠ ᠠᠴᠠ ᠨᠢ ᠬᠦᠭᠡᠭᠡᠭᠰᠡᠨ ᠢᠷᠭᠡᠳ ᠢ ᠫᠤᠤᠳᠠᠵᠤ᠂ ᠡᠳ᠋ ᠵᠦᠢᠯᠡᠰ ᠢ ᠨᠢ ᠠᠪᠤᠭᠰᠠᠨ ᠭᠡᠮᠲᠦ ᠬᠡᠷᠡᠭ ᠥᠩᠭᠡᠷᠡᠭᠰᠡᠨ ᠣᠨ ᠤ ᠶᠢᠰᠦᠳᠦᠭᠡᠷ ᠰᠠᠷ᠎ᠠ ᠳᠤ ᠭᠠᠷᠤᠭᠰᠠᠨ᠃ ᠡᠯ᠎ᠡ ᠬᠡᠷᠡᠭ ᠢ D᠂ T ᠨᠠᠷ ᠤᠨ ᠭᠤᠷᠪᠠᠨ ᠬᠦᠮᠦᠨ ᠦᠢᠯᠡᠳᠦᠭᠰᠡᠨ ᠃ ᠡᠨᠡ ᠬᠡᠷᠡᠭ ᠢ ᠵᠠᠪᠬᠠᠨ ᠠᠶᠢᠮᠠᠭ ᠳᠠᠬᠢ ᠰᠤᠮᠤ ᠳᠤᠮᠳᠠ ᠶᠢᠨ ᠡᠷᠡᠭᠦᠦ ᠶᠢᠨ ᠬᠡᠷᠡᠭ ᠦᠨ ᠠᠩᠬᠠᠨ ᠱᠠᠲᠤᠨ ᠤ ᠰᠢᠭᠦᠬᠦ ᠬᠡᠯᠡᠯᠴᠡᠵᠦ᠂ ᠼ∙ᠳᠠᠸᠠᠪᠠᠲᠤ ᠳᠤ ᠭᠤᠷᠪᠠᠨ ᠵᠢᠯ ᠨᠠᠢᠮᠠᠨ ᠰᠠᠷ᠎ᠠ ᠬᠤᠷᠢᠬᠤ ᠶᠠᠯ᠎ᠠ ᠰᠢᠢᠳᠭᠡᠭᠰᠡᠨ ᠪᠠᠶᠢᠨ᠎ᠠ᠃ ᠬᠡᠷᠡᠭ ᠭᠠᠷᠬᠤ ᠦᠶ᠎ᠡ ᠳᠦ ᠲᠡᠭᠦᠨ ᠲᠡᠢ ᠬᠠᠮᠲᠤ ᠪᠠᠶᠢᠭᠰᠠᠨ ᠬᠣᠶᠠᠷ ᠬᠣᠯᠪᠣᠭᠳᠠᠭᠴᠢ ᠶᠢᠨ ᠦᠢᠯᠡᠳᠦᠯ ᠢ ᠫᠷᠤᠺᠤᠷᠤᠷ ᠬᠡᠷᠡᠭᠰᠡᠬᠦ ᠦᠭᠡᠢ ᠪᠣᠯᠭᠠᠭᠰᠠᠨ ᠃ ᠰᠢᠭᠦᠬᠦ ᠡᠴᠡ ᠲᠡᠳᠡᠨ ᠦ ᠭᠡᠮᠲᠦ ᠬᠡᠷᠡᠭ ᠦᠢᠯᠡᠳᠬᠦ ᠳᠦ ᠪᠡᠨ ᠠᠰᠢᠭᠯᠠᠭᠰᠠᠨ ᠤᠰᠤᠨ ᠳᠤ ᠱᠤᠩᠪᠠᠭᠴᠢ ᠶᠢᠨ ᠬᠤᠪᠴᠠᠰᠤ᠂ ᠲᠤᠰᠬᠠᠢ ᠬᠡᠷᠡᠭᠰᠡᠯ ᠢ  ︽ᠡᠲᠦᠭᠡᠨ ︾ ᠰᠤᠷᠭᠠᠭᠤᠯᠢ ᠶᠢᠨ ᠬᠠᠷᠢᠶ᠎ᠠ ᠤᠰᠤᠨ ᠰᠫᠣᠷᠲ ᠤᠨ ᠰᠤᠷᠭᠠᠯᠲᠠ ᠶᠢᠨ ᠲᠥᠪ ᠲᠦ ᠪᠤᠴᠠᠭᠠᠵᠤ ᠥᠭᠬᠦ ᠪᠡᠷ ᠰᠢᠢᠳᠦᠭᠰᠡᠨ ᠪᠣᠯ ᠨᠠᠭᠤᠷ ᠠᠴᠠ ᠭᠠᠷᠭᠠᠵᠤ ᠠᠪᠤᠭᠰᠠᠨ 279 ᠰᠢᠷᠬᠡᠭ ᠮᠥᠩᠭᠥᠨ ᠠᠶᠠᠭ᠎ᠠ ᠶᠢ ᠤᠯᠤᠰ ᠤᠨ ᠣᠷᠣᠯᠭ᠎ᠠ ᠪᠣᠯᠭᠠᠵᠠᠢ᠃

ᠰᠡᠳᠬᠢᠭᠳᠡᠯ ᠦᠯᠡᠳᠡᠭᠡᠬᠦ