ᠮᠣᠩᠭᠣᠯ ᠤᠨ ᠠᠩᠬᠠᠨ ᠤ ᠫᠣᠯᠢᠮᠧᠷ ᠪᠢᠲ᠋ᠤᠮ ᠤᠨ ᠦᠢᠯᠡᠳᠪᠦᠷᠢ ᠥᠨᠥᠳᠥᠷ ᠨᠡᠭᠡᠭᠡᠯᠲᠡ ᠪᠡᠨ ᠬᠢᠵᠦ᠂ ︽ᠠᠭᠠᠰᠢᠲ᠋ᠤ᠋︾ ᠺᠤᠮᠫᠠᠨᠢ ᠳᠣᠲᠣᠭᠠᠳᠤ ᠳᠤ ᠪᠠᠨ ᠵᠠᠮ ᠤᠨ ᠬᠠᠷ᠎ᠠ ᠪᠢᠲ᠋ᠤᠮ ᠦᠢᠯᠡᠳᠪᠦᠷᠢᠯᠡᠵᠦ ᠡᠬᠢᠯᠡᠯ᠎ᠡ᠃ ᠲᠤᠰ ᠺᠣᠮᠫᠠᠨᠢ ᠨᠢ ᠧᠦ᠋ᠷᠣᠫᠠ ᠰᠲ᠋ᠠᠨᠳᠠᠷᠲ ᠤᠨ ᠳᠠᠭᠠᠤ ᠮᠠᠨ ᠤ ᠣᠷᠣᠨ ᠤ ᠭᠠᠵᠠᠷ ᠨᠤᠲᠤᠭ ᠤᠨ ᠣᠨᠴᠠᠯᠢᠭ᠂ ᠴᠠᠭ ᠠᠭᠤᠷ ᠤᠨ ᠨᠥᠬᠥᠴᠡᠯ᠂ ᠪᠥᠰᠡ ᠨᠦᠭᠦᠳ ᠦᠨ ᠣᠨᠴᠠᠯᠢᠭ ᠲᠤ ᠲᠣᠬᠢᠷᠠᠭᠤᠯᠤᠭᠰᠠᠨ᠂ ᠰᠠᠶᠢᠵᠢᠷᠠᠭᠤᠯᠤᠭᠰᠠᠨ ᠰᠢᠩᠭᠡᠨ ᠪᠢᠲ᠋ᠤᠮ ᠦᠢᠯᠡᠳᠪᠦᠷᠢᠯᠡᠬᠦ ᠲᠧᠭᠨᠣᠯᠣᠭᠢ ᠶᠢ ᠡᠬᠡ ᠣᠷᠣᠨ ᠳᠤ ᠪᠠᠨ ᠨᠡᠪᠲᠡᠷᠡᠭᠦᠯᠵᠦ ᠪᠤᠢ ᠪᠠᠷ ᠣᠨᠴᠠᠯᠢᠭ ᠠᠵᠠᠢ᠃ ᠮᠣᠩᠭᠣᠯ᠂ ᠣᠷᠣᠰ᠂ ᠢᠲ᠋ᠠᠯᠢ᠂ ᠭᠧᠷᠮᠠᠨ ᠤ ᠮᠡᠷᠭᠡᠵᠢᠯᠲᠡᠨ ᠨᠠᠷ ᠭᠠᠷ ᠪᠡᠶ᠎ᠡ ᠣᠷᠣᠯᠴᠠᠨ ᠰᠢᠨᠵᠢᠯᠡᠵᠦ ᠰᠤᠳᠤᠯᠵᠤ ᠬᠠᠮᠲᠤᠷᠠᠨ ᠣᠷᠣᠯᠴᠠᠭᠰᠠᠨ ᠡᠨᠡᠬᠦ ᠦᠢᠯᠡᠳᠪᠦᠷᠢ ᠶᠢᠨ ᠲᠧᠭᠨᠣᠯᠣᠭᠢ ᠨᠢ ᠨᠡᠮᠡᠬᠦ 40 ᠬᠡᠮ ᠳᠦ ᠬᠠᠶᠢᠯᠬᠤ ᠦᠭᠡᠢ᠂ ︵ᠣᠳᠣ ᠶᠢᠨ ᠵᠠᠮ ᠤᠳ ᠨᠢ ᠬᠠᠰᠤᠬᠤ 38 ᠬᠡᠮ ᠳᠦ ᠬᠠᠭᠠᠷᠠᠳᠠᠭ ᠪᠠᠶᠢᠨ᠎ᠠ ︶ ᠬᠠᠰᠤᠬᠤ 46 ᠍ ᠠᠴᠠ ᠨᠡᠮᠡᠬᠦ 68 ᠬᠡᠮ ᠳᠦ ᠲᠡᠰᠪᠦᠷᠢᠲᠡᠢ᠂ ᠳᠠᠭᠠᠭᠠᠴᠠ ᠨᠢ ᠭᠤᠷᠪᠠ ᠳᠠᠬᠢᠨ ᠶᠡᠬᠡ ᠭᠡᠳᠡᠭ ᠢᠶᠡᠷ ᠳᠠᠪᠠᠭᠤ ᠣᠨᠴᠠᠯᠢᠭ ᠲᠠᠢ ᠪᠠᠶᠢᠨ᠎ᠠ᠃
ᠲᠤᠰ ᠺᠣᠮᠫᠠᠨᠢ 2500 ᠲᠣᠨ ᠪᠢᠲ᠋ᠤᠮ ᠬᠠᠳᠠᠭᠠᠯᠠᠬᠤ ᠠᠭᠤᠯᠬᠤ᠂ ᠲᠡᠭᠡᠭᠡᠪᠦᠷᠢᠯᠡᠬᠦ᠂ ᠠᠴᠢᠵᠤ ᠪᠠᠭᠤᠯᠭᠠᠬᠤ ᠳᠡᠳ᠋ ᠪᠦᠲᠦᠴᠡ ᠶᠢᠨ ᠠᠵᠢᠯ ᠢ ᠢᠵᠢ ᠪᠦᠷᠢᠨ ᠬᠢᠵᠦ ᠭᠦᠢᠴᠡᠳᠭᠡᠵᠡᠢ᠃ ᠦᠢᠯᠡᠳᠪᠦᠷᠢ ᠶᠢᠨ ᠨᠡᠭᠡᠭᠡᠯᠲᠡ ᠳᠦ᠂ ᠤᠯᠤᠰ ᠤᠨ ᠶᠡᠬᠡ ᠬᠤᠷᠠᠯ ᠶᠢᠨ ᠭᠡᠰᠢᠭᠦᠨ᠂ ᠵᠠᠮ ᠲᠡᠭᠡᠭᠡᠪᠤᠷᠢ ᠶᠢᠨ ᠬᠦᠭᠵᠢᠯ ᠦᠨ ᠶᠠᠮᠤᠨ ᠤ᠍ ᠰᠠᠶᠢᠳ ᠳ∙ ᠡᠩᠬᠡ-ᠠᠮᠤᠭᠤᠯᠠᠩ ᠣᠷᠣᠯᠴᠠᠵᠤ ᠄ ᠴᠠᠭ ᠬᠤᠭᠤᠴᠠᠭ᠎ᠠ ᠬᠡᠮᠨᠡᠵᠦ᠂ ᠮᠣᠩᠭᠣᠯ ᠤᠨ ᠵᠠᠮ ᠤᠨ ᠴᠢᠨᠠᠷ ᠰᠠᠶᠢᠵᠢᠷᠠᠬᠤ ᠰᠢᠨ᠎ᠡ ᠲᠧᠭᠨᠣᠯᠣᠭᠢ ᠨᠡᠪᠲᠡᠷᠡᠵᠦ ᠪᠠᠶᠢᠭ᠎ᠠ ᠨᠢ ᠮᠣᠩᠭᠣᠯ ᠤᠨ ᠵᠠᠮ ᠤᠨ ᠰᠠᠯᠪᠤᠷᠢ ᠳᠤ ᠲᠣᠮᠣ ᠡᠷᠭᠢᠯᠲᠡ᠂ ᠰᠢᠨ᠎ᠡ ᠰᠢᠢᠳᠦᠯ ᠢ ᠠᠪᠴᠢᠷᠠᠵᠤ ᠪᠤᠢ ᠶᠢ ᠲᠡᠮᠳᠡᠭᠯᠡᠭᠡᠳ ᠰᠢᠨ᠎ᠡ ᠪᠦᠲᠦᠭᠡᠨ ᠪᠠᠶᠢᠭᠤᠯᠤᠯᠲᠠ ᠳᠤ ᠭᠠᠷ ᠪᠡᠶ᠎ᠡ ᠣᠷᠣᠯᠴᠠᠭᠰᠠᠨ ᠭᠠᠳᠠᠭᠠᠳᠤ᠂ ᠳᠣᠲᠣᠭᠠᠳᠤ ᠶᠢᠨ ᠮᠡᠷᠭᠡᠵᠢᠯᠲᠡᠨ ᠨᠦᠭᠦᠳ ᠪᠣᠯᠤᠨ ᠦᠢᠯᠡᠳᠪᠦᠷᠢ ᠶᠢᠨ ᠪᠦᠲᠦᠭᠡᠯᠴᠢ ᠬᠠᠮᠲᠤ ᠣᠯᠠᠨ᠂ ᠠᠵᠢᠯᠴᠢᠳ ᠲᠤ ᠠᠵᠢᠯ ᠤᠨ ᠠᠮᠵᠢᠯᠲᠠ ᠬᠦᠰᠡᠯ᠎ᠡ᠃