ᠮᠣᠩᠭᠣᠯ ᠤᠯᠤᠰ ᠠᠩᠬᠠᠨ ᠤ ᠮᠧᠳᠠᠯ ᠢᠶᠠᠨ ᠬᠦᠷᠲᠡᠯ᠎ᠡ | News.MN

ᠮᠣᠩᠭᠣᠯ ᠤᠯᠤᠰ ᠠᠩᠬᠠᠨ ᠤ ᠮᠧᠳᠠᠯ ᠢᠶᠠᠨ ᠬᠦᠷᠲᠡᠯ᠎ᠡ

ᠠᠮᠧᠷᠢᠺᠠ ᠶᠢᠨ ᠯᠠᠰ ᠸᠧᠭᠠᠰ ᠬᠤᠲᠠ ᠳᠤ ᠡᠨᠡ ᠣᠨ ᠤ ᠬᠦᠨᠳᠦ ᠶᠢᠨ ᠡᠷᠭᠦᠯᠲᠡ ᠶᠢᠨ ᠥᠰᠪᠦᠷᠢ ᠦᠶ᠎ᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠪᠠᠶᠢᠨ᠎ᠠ᠃ ᠤᠭ ᠲᠡᠮᠡᠴᠡᠭᠡᠨ ᠳᠦ ᠮᠣᠩᠭᠣᠯ ᠤᠯᠤᠰ ᠢᠶᠠᠨ ᠲᠥᠯᠥᠭᠡᠯᠡᠨ ᠡᠮᠡᠭᠲᠡᠶᠢᠴᠦᠳ ᠦᠨ 71 ᠺᠢᠯᠦᠭᠷᠡᠮ ᠦᠨ ᠵᠢᠩ ᠦᠨ ᠲᠦᠯᠬᠢᠯᠲᠡ ᠲᠡᠢ ᠡᠷᠭᠦᠯᠲᠡ ᠶᠢᠨ ᠲᠥᠷᠥᠯ ᠳᠦ ᠥᠷᠢᠰᠦᠯᠳᠦᠭᠰᠡᠨ ᠭ∙ᠡᠨᠡᠷᠢᠯ 105 ᠺᠢᠯᠦᠭᠷᠡᠮ  ᠵᠢᠩ ᠢ ᠡᠷᠭᠦᠵᠦ ᠬᠦᠷᠡᠯ ᠮᠧᠳᠠᠯ  ᠬᠦᠷᠲᠡᠵᠡᠢ᠃ ᠢᠩᠭᠢᠭᠰᠡᠨ ᠢᠶᠡᠷ ᠮᠣᠩᠭᠣᠯ ᠤᠯᠤᠰ ᠠᠩᠬ᠎ᠠ ᠤᠳᠠᠭ᠎ᠠ ᠥᠰᠪᠦᠷᠢ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠮᠧᠳᠠᠯ ᠬᠦᠷᠲᠡᠵᠦ ᠪᠤᠢ ᠲᠣᠬᠢᠶᠠᠯᠳᠤᠯ ᠪᠣᠯᠵᠤ ᠪᠤᠢ ᠶᠤᠮ ᠃《ᠠᠯᠳᠠᠷᠲᠤ》 ᠰᠫᠣᠷᠲ ᠬᠣᠷᠢᠶᠠᠨ ᠤ ᠲᠠᠮᠢᠷᠴᠢᠨ ᠭ∙ᠡᠨᠡᠷᠢᠯ ᠨᠢ ᠨᠡᠶᠢᠰᠯᠡᠯ ᠦᠨ ᠪᠠᠶᠠᠩᠭᠤᠤᠯ ᠳᠡᠭᠦᠷᠭᠡ ᠶᠢᠨ ᠭᠠᠩᠵᠠᠮ 20 ᠳ᠋ᠤᠭᠠᠷ ᠰᠤᠷᠭᠠᠭᠤᠯᠢ ᠳᠤ ᠰᠤᠷᠤᠯᠴᠠᠳᠠᠭ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ