ᠮᠣᠩᠭᠣᠯ ᠤᠨ ᠢᠷᠭᠡᠨ ᠫᠤᠯᠱᠠ ᠶᠢᠨ ᠬᠢᠯᠢ ᠨᠡᠪᠲᠡᠷᠡᠬᠦ ᠭᠡᠵᠦ ᠪᠠᠶᠢᠭᠠᠳ ᠪᠠᠷᠢᠭᠳᠠᠵᠠᠢ | News.MN

ᠮᠣᠩᠭᠣᠯ ᠤᠨ ᠢᠷᠭᠡᠨ ᠫᠤᠯᠱᠠ ᠶᠢᠨ ᠬᠢᠯᠢ ᠨᠡᠪᠲᠡᠷᠡᠬᠦ ᠭᠡᠵᠦ ᠪᠠᠶᠢᠭᠠᠳ ᠪᠠᠷᠢᠭᠳᠠᠵᠠᠢ

ᠡᠨᠡ ᠰᠠᠷ᠎ᠠ ᠶᠢᠨ 12᠍ ᠳᠦ ᠪᠸᠯᠠᠷᠤᠰ᠂ ᠫᠤᠯᠱᠠ ᠶᠢᠨ ᠬᠢᠯᠢ ᠡᠴᠡ ᠨᠢᠭᠡ ᠺᠢᠯᠣᠮᠧᠲ᠋ᠷ ᠵᠠᠢ ᠳᠤ ᠮᠣᠩᠭᠣᠯ ᠢᠷᠭᠡᠳ ᠬᠢᠯᠢ ᠨᠡᠪᠲᠡᠷᠡᠬᠦ ᠭᠡᠵᠦ ᠪᠠᠶᠢᠭᠠᠳ ᠪᠠᠷᠢᠭᠳᠠᠭᠰᠠᠨ ᠬᠡᠷᠡᠭ ᠭᠠᠷᠴᠠᠢ᠃ ᠲᠣᠳᠣᠷᠠᠭᠤᠯᠪᠠᠯ᠂ 28 ᠨᠠᠰᠤᠲᠠᠢ ᠡᠷᠡᠭᠲᠡᠢ᠂ 25 ᠨᠠᠰᠤᠲᠠᠢ ᠡᠮᠡᠭᠲᠡᠢ ᠬᠠᠤᠯᠢ ᠪᠤᠰᠤ ᠪᠠᠷ ᠬᠢᠯᠢ ᠨᠡᠪᠲᠡᠷᠡᠨ᠂ ᠫᠤᠯᠱᠠ ᠳᠤ ᠣᠴᠢᠬᠤ ᠶᠢ ᠵᠠᠪᠳᠤᠭᠰᠠᠨ ᠲᠤᠬᠠᠢ ᠪᠸᠯᠠᠷᠤᠰ ᠦᠨ ᠬᠢᠯᠢ ᠬᠠᠮᠠᠭᠠᠯᠠᠬᠤ ᠠᠯᠪᠠᠨ ᠠᠴᠠ ᠮᠡᠳᠡᠭᠡᠯᠡᠭᠰᠡᠨ ᠪᠠᠶᠢᠨ᠎ᠠ᠃ ᠲᠡᠳᠡᠨ ᠢ ᠨᠤᠲᠤᠭ ᠤᠨ ᠢᠷᠭᠡᠳ ᠦᠨ ᠮᠡᠳᠡᠭᠡᠯᠡᠯ ᠢᠶᠡᠷ ᠪᠠᠷᠢᠪᠴᠢᠯᠠᠭᠰᠠᠨ ᠪᠥᠭᠡᠳ ᠬᠢᠯᠢ ᠶᠢᠨ ᠴᠡᠷᠢᠭ ᠦᠨ ᠲᠦᠷ ᠰᠠᠭᠠᠲᠠᠭᠤᠯᠬᠤ ᠪᠠᠶᠢᠷᠢᠨ ᠳᠤ ᠬᠣᠷᠢᠨ᠂ ᠮᠥᠷᠳᠡᠨ ᠰᠢᠯᠭᠠᠵᠤ ᠪᠤᠢ ᠠᠵᠠᠢ᠃

ᠰᠡᠳᠬᠢᠭᠳᠡᠯ ᠦᠯᠡᠳᠡᠭᠡᠬᠦ