ᠮᠣᠩᠭᠣᠯ  ᠤᠨ ᠥᠷᠢ 1.3 ᠲᠡᠷᠪᠤᠮ ᠳ᠋ᠣᠯᠯᠠᠷ ᠢᠶᠠᠷ ᠥᠰᠴᠠᠢ | News.MN

ᠮᠣᠩᠭᠣᠯ  ᠤᠨ ᠥᠷᠢ 1.3 ᠲᠡᠷᠪᠤᠮ ᠳ᠋ᠣᠯᠯᠠᠷ ᠢᠶᠠᠷ ᠥᠰᠴᠠᠢ

ᠮᠣᠩᠭᠣᠯ ᠤᠯᠤᠰ ᠤᠨ ᠵᠠᠰᠠᠭ ᠤᠨ ᠭᠠᠵᠠᠷ ᠤᠨ ᠨᠡᠶᠢᠲᠡ ᠥᠷᠢ 2018 ᠣᠨ ᠤ ᠡᠴᠦᠰ ᠦᠨ ᠪᠠᠶᠢᠳᠠᠯ ᠢᠶᠠᠷ 22.4 ᠶᠡᠬᠡ ᠨᠠᠶᠤᠳ ᠲᠥᠭᠥᠷᠢᠭ ᠲᠦ ᠬᠦᠷᠪᠡ᠃ ᠡᠨᠡ ᠨᠢ ᠡᠮᠦᠨᠡᠬᠢ ᠣᠨ ᠠᠴᠠ 390.1 ᠲᠡᠷᠪᠤᠮ ᠲᠥᠭᠥᠷᠢᠭ ᠪᠤᠶᠤ 1.7ᠬᠤᠪᠢ ᠪᠠᠷ ᠪᠠᠭᠤᠷᠠᠭᠰᠠᠨ ᠳ᠋ᠦᠩ ᠪᠣᠯᠬᠤ ᠶᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠤ ᠰᠤᠳᠤᠯᠭ᠎ᠠ ᠬᠠᠷᠠᠭᠤᠯᠵᠤ ᠪᠠᠶᠢᠨ᠎ᠠ᠃ ᠵᠠᠰᠠᠭ ᠤᠨ ᠭᠠᠵᠠᠷ ᠤᠨ ᠨᠡᠶᠢᠲᠡ ᠦᠷᠢ ᠶᠢᠨ 84.3% ᠪᠤᠶᠤ 18.9 ᠶᠡᠬᠡ ᠨᠠᠶᠤᠳ ᠲᠥᠭᠥᠷᠢᠭ ᠨᠢ ᠭᠠᠳᠠᠭᠠᠳᠤ ᠦᠷᠢ ︔ 7.0% ᠪᠤᠶᠤ 1.6 ᠶᠡᠬᠡ ᠨᠠᠶᠤᠳ ᠨᠢ ᠳᠣᠲᠣᠭᠠᠳᠤ ᠶᠢᠨ ᠦᠷᠢ ︔ 5.1% ᠪᠤᠶᠤ 1.1 ᠶᠡᠬᠡ ᠨᠠᠶᠤᠳ ᠲᠥᠭᠥᠷᠢᠭ ᠨᠢ ᠵᠠᠰᠠᠭ ᠤᠨ ᠭᠠᠵᠠᠷ ᠤᠨ  ᠦᠷᠢ ᠶᠢᠨ ᠪᠠᠲᠤᠯᠠᠭ᠎ᠠ ᠂ 3.6% ᠪᠤᠶᠤ 806 ᠲᠡᠷᠪᠤᠮ ᠲᠥᠭᠥᠷᠢᠭ ᠨᠢ ᠺᠤᠨᠴᠸᠰᠰ ᠪᠠᠶᠢᠨ᠎ᠠ᠃
ᠤᠯᠤᠰ ᠤᠨ ᠨᠡᠶᠢᠲᠡ ᠥᠷᠢ 2018 ᠣᠨ ᠤ ᠵᠢᠯ ᠦᠨ ᠡᠴᠦᠰ ᠲᠦ 28.7 ᠲᠡᠷᠪᠤᠮ ᠳ᠋ᠣᠯᠯᠠᠷ ᠪᠣᠯᠵᠤ᠂ ᠡᠮᠦᠨᠡᠬᠢ ᠣᠨ ᠠᠴᠠ 1.3 ︵4.5%︶ ᠲᠡᠷᠪᠤᠮ ᠳ᠋ᠣᠯᠯᠠᠷ ᠢᠶᠠᠷ ᠥᠰᠦᠭᠰᠡᠨ ᠪᠠᠶᠢᠨ᠎ᠠ᠃ ᠨᠡᠶᠢᠲᠡ ᠭᠠᠳᠠᠭᠠᠳᠤ  ᠦᠷᠢ ᠶᠢ ᠰᠠᠯᠪᠤᠷᠢ ᠪᠠᠷ ᠨᠢ ᠠᠪᠴᠤ ᠦᠵᠡᠪᠡᠯ᠂ ᠺᠣᠮᠫᠠᠨᠢ ᠬᠣᠭᠣᠷᠣᠨᠳᠣ ᠶᠢᠨ ᠵᠢᠭᠡᠯᠡᠯᠭᠡ 9.2 (32.0%) ᠲᠡᠷᠪᠤᠮ ᠳ᠋ᠣᠯᠯᠠᠷ︔ ᠪᠤᠰᠤᠳ ᠰᠠᠯᠪᠤᠷᠢ ᠶᠢᠨ ᠬᠢ 8.1 (28.2%) ᠲᠡᠷᠪᠤᠮ ᠳ᠋ᠣᠯᠯᠠᠷ ︔ ᠵᠠᠰᠠᠭ ᠤᠨ ᠭᠠᠵᠠᠷ ᠤᠨ ᠬᠢ 7.2 (25.0%) ᠲᠡᠷᠪᠤᠮ ᠳ᠋ᠣᠯᠯᠠᠷ ︔ ᠲᠥᠪ ᠪᠠᠩᠬᠢᠨ ᠠᠴᠠ ᠪᠤᠰᠤᠳ ᠬᠠᠳᠠᠭᠠᠯᠠᠮᠵᠢ ᠶᠢᠨ ᠪᠠᠶᠢᠭᠤᠯᠤᠯᠭ᠎ᠠ ᠶᠢᠨ ᠬᠢ 2.2 (7.7%) ᠲᠡᠷᠪᠤᠮ ᠳ᠋ᠣᠯᠯᠠᠷ ᠪᠠᠶᠢᠨ᠎ᠠ᠃

ᠰᠡᠳᠬᠢᠭᠳᠡᠯ ᠦᠯᠡᠳᠡᠭᠡᠬᠦ