ᠳᠠᠷᠬᠠᠨ-ᠠᠭᠤᠯᠠ  ᠳᠦ ︽ᠠᠦ᠋ᠲ᠋ᠣ᠋ ᠺᠷᠣᠰᠰ︾ ᠤᠨ ᠤᠷᠤᠯᠳᠤᠭᠠᠨ ᠪᠣᠯᠤᠨ᠎ᠠ | News.MN

ᠳᠠᠷᠬᠠᠨ-ᠠᠭᠤᠯᠠ  ᠳᠦ ︽ᠠᠦ᠋ᠲ᠋ᠣ᠋ ᠺᠷᠣᠰᠰ︾ ᠤᠨ ᠤᠷᠤᠯᠳᠤᠭᠠᠨ ᠪᠣᠯᠤᠨ᠎ᠠ

ᠤᠯᠤᠰ ᠤᠨ ᠶᠡᠬᠡ ᠬᠤᠷᠠᠯ ᠤᠨ ᠭᠡᠰᠢᠭᠦᠨ ᠮ∙ᠴᠢᠮᠡᠳᠰᠡᠷᠡᠩ ᠠᠭᠰᠠᠨ ᠤ ᠨᠡᠷᠡᠮᠵᠢᠲᠦ ︽ᠠᠦ᠋ᠲ᠋ᠣ᠋ ᠺᠷᠣᠰᠰ︾  ᠤᠷᠤᠯᠳᠤᠭᠠᠨ ᠴᠡᠷᠢᠭ ᠦᠨ ᠪᠠᠶᠠᠷ ᠤᠨ ᠡᠮᠦᠨᠡᠬᠢ ᠡᠳᠦᠷ ᠪᠤᠶᠤ ᠡᠨᠡ ᠰᠠᠷ᠎ᠠ ᠶᠢᠨ 17 ᠍ ᠤ ᠨᠢᠮ᠎ᠠ ᠭᠠᠷᠠᠭ ᠲᠤ ᠪᠣᠯᠬᠤ ᠶᠤᠮ ᠪᠠᠶᠢᠨ᠎ᠠ᠃ ᠳᠠᠷᠬᠠᠨ-ᠠᠭᠤᠯᠠ ᠠᠶᠢᠮᠠᠭ ᠲᠤ᠂ ᠲᠡᠷᠡ ᠳᠤᠮᠳᠠ ᠪᠠᠨ ᠵᠢᠯ ᠪᠦᠷᠢ ᠶᠢᠨ ᠭᠤᠷᠪᠠᠳᠤᠭᠠᠷ ᠰᠠᠷ᠎ᠠ ᠳᠤ ᠲᠣᠭᠲᠠᠮᠠᠯ ᠵᠣᠬᠢᠶᠠᠭᠳᠠᠵᠤ ᠬᠡᠪᠰᠢᠭᠰᠡᠨ ︽ᠴᠢᠩᠭᠢᠰ ᠮᠠᠰᠲ᠋ᠸᠷ ᠺᠷᠣᠰᠰ︾ ᠠᠦ᠋ᠲ᠋ᠣ᠋ ᠤᠷᠤᠯᠳᠤᠭᠠᠨ ᠢ ᠦᠵᠡᠭᠴᠢᠳ ᠲᠡᠳᠦᠢ ᠦᠭᠡᠢ ᠲᠠᠮᠢᠷᠴᠢᠳ ᠥᠪᠡᠷᠰᠡᠳ ᠢᠶᠡᠨ ᠲᠡᠰᠦᠨ ᠶᠠᠳᠠᠨ ᠬᠦᠯᠢᠶᠡᠳᠡᠭ ᠃ ᠤᠴᠢᠷ ᠨᠢ ᠤᠷᠤᠯᠳᠤᠭᠠᠨ ᠤ ᠵᠠᠮ ᠦᠵᠡᠭᠴᠢᠳ ᠲᠦ ᠥᠷᠢᠰᠦᠯᠳᠦᠭᠡᠨ ᠢ ᠪᠦᠷᠢᠨ ᠬᠠᠷᠠᠬᠤ ᠪᠣᠯᠤᠮᠵᠢ ᠣᠯᠭᠤᠬᠤ ᠠᠴᠠ ᠭᠠᠳᠠᠨ᠎ᠠ ᠲᠠᠮᠢᠷᠴᠢᠳ ᠤᠨ ᠬᠤᠪᠢ ᠳᠤ ᠣᠭᠴᠣᠮ ᠥᠭᠰᠥᠭᠦᠷ᠂ ᠣᠭᠴᠣᠮ ᠤᠷᠤᠭᠤ᠂ ᠭᠦᠨ ᠵᠢᠯᠠᠭ᠎ᠠ ᠤᠷᠤᠭᠤ ᠬᠠᠷᠠᠶᠢᠵᠤ ᠤᠷᠤᠬᠤ᠂ ᠭᠦᠨ ᠵᠢᠯᠠᠭ᠎ᠠ ᠠᠴᠠ ᠳᠡᠭᠦᠯᠢᠵᠦ ᠭᠠᠷᠬᠤ ᠭᠡᠬᠦᠴᠢᠯᠡᠨ ᠲᠧᠭᠨᠢᠭ ᠦᠨ ᠬᠤᠷᠳᠤ ᠬᠦᠴᠦ᠂ ᠲᠠᠮᠢᠷᠴᠢᠳ ᠤᠨ ᠤᠷ᠎ᠠ ᠴᠢᠳᠠᠪᠤᠷᠢ ᠶᠢᠨ ᠥᠷᠢᠰᠦᠯᠳᠦᠭᠡᠨ ᠡᠴᠡ ᠭᠠᠳᠠᠨ᠎ᠠ ᠦᠵᠡᠭᠦᠯᠪᠦᠷᠢ ᠶᠡᠬᠡ ᠲᠡᠢ ᠪᠠᠶᠢᠳᠠᠭ ᠢᠶᠠᠷ ᠢᠶᠠᠨ ᠪᠤᠰᠤᠳ ᠺᠷᠣᠰᠰ ᠠᠴᠠ ᠣᠨᠴᠠᠯᠢᠭ ᠲᠠᠢ ᠪᠠᠶᠢᠳᠠᠭ ᠃

ᠰᠡᠳᠬᠢᠭᠳᠡᠯ ᠦᠯᠡᠳᠡᠭᠡᠬᠦ