ᠬᠣᠪᠣᠷ ᠣᠯᠳᠠᠪᠤᠷᠢ ᠶᠢ ᠲᠤᠨᠤᠬᠤ ᠭᠡᠵᠦ ᠪᠠᠶᠢᠭᠰᠠᠨ ᠡᠲᠡᠭᠡᠳ ᠢ ᠪᠠᠷᠢᠪᠢᠯᠠᠵᠠᠢ | News.MN

ᠬᠣᠪᠣᠷ ᠣᠯᠳᠠᠪᠤᠷᠢ ᠶᠢ ᠲᠤᠨᠤᠬᠤ ᠭᠡᠵᠦ ᠪᠠᠶᠢᠭᠰᠠᠨ ᠡᠲᠡᠭᠡᠳ ᠢ ᠪᠠᠷᠢᠪᠢᠯᠠᠵᠠᠢ

ᠠᠷᠤᠬᠠᠩᠭᠠᠢ ᠠᠶᠢᠮᠠᠭ ᠤᠨ ︽ᠭᠣᠣᠯ ᠮᠣᠳᠣ-2︾ ᠬᠡᠮᠡᠬᠦ ᠾᠦᠩᠨᠤ ᠶᠢᠨ ᠦᠶ᠎ᠡ ᠶᠢᠨ ᠬᠣᠪᠣᠷ ᠣᠯᠳᠠᠪᠤᠷᠢ ᠶᠢ ᠲᠤᠨᠤᠬᠤ ᠭᠡᠵᠦ ᠪᠠᠶᠢᠭᠰᠠᠨ ᠡᠲᠡᠭᠡᠳ ᠦᠳ ᠢ ᠴᠠᠭᠳᠠᠭ᠎ᠠ ᠶᠢᠨ ᠪᠠᠶᠢᠭᠤᠯᠤᠯᠭ᠎ᠠ ᠰᠢᠯᠭᠠᠵᠤ ᠪᠠᠶᠢᠨ᠎ᠠ᠃ ᠪᠦᠯᠦᠭ ᠡᠲᠡᠭᠡᠳ ᠢ ᠴᠠᠭᠳᠠᠭ᠎ᠠ ᠳᠤ ᠮᠡᠳᠡᠭᠡᠯᠡᠨ ᠪᠠᠷᠢᠪᠴᠢᠯᠠᠭᠤᠯᠤᠭᠰᠠᠨ ᠬᠦᠮᠦᠨ ᠨᠢ ᠠᠷᠾᠸᠤᠯᠤᠭᠢᠴᠢ ᠳ∙ᠡᠷᠳᠡᠨᠢᠪᠠᠭᠠᠲᠤᠷ  ᠠᠵᠠᠢ᠃
– ᠲᠠᠨ ᠤ ᠮᠡᠳᠡᠭᠡᠯᠡᠯ ᠢᠶᠡᠷ ᠴᠠᠭᠳᠠᠭ᠎ᠠ ᠨᠠᠷ ᠪᠤᠯᠠᠰᠢ ᠪᠤᠩᠬᠤᠨ ᠤᠬᠤᠭᠰᠠᠨ ᠡᠲᠡᠭᠡᠳ ᠦᠳ ᠢ ᠪᠠᠷᠢᠪᠴᠢᠯᠠᠭᠰᠠᠨ ᠶᠤᠮ ᠤᠤ ︖
– ᠤᠷᠵᠢᠳᠤᠷ ᠨᠤᠲᠤᠭ ᠤᠨ ᠢᠷᠭᠡᠳ ᠨᠠᠳᠠ ᠳᠤ ᠤᠲᠠᠰᠤ ᠪᠠᠷ ᠠᠩᠬ᠎ᠠ ᠮᠡᠳᠡᠭᠡᠯᠡᠬᠦ ᠳᠦ ᠨᠢ᠂ ᠪᠢ ᠲᠸᠸᠢᠲᠲᠷ ᠢᠶᠡᠷ ᠢᠶᠡᠨ ᠳᠠᠮᠵᠢᠭᠤᠯᠤᠨ ᠤᠯᠠᠨ ᠳᠤ ᠬᠦᠷᠭᠡᠭᠰᠡᠨ᠃ ᠰᠤᠮᠤ ᠶᠢᠨ ᠴᠠᠭᠳᠠᠭ᠎ᠠ ᠨᠠᠷ ᠰᠢᠭᠤᠷᠬᠠᠢ ᠠᠵᠢᠯᠯᠠᠵᠤ ᠲᠣᠨᠣᠭᠤᠯᠴᠢ ᠡᠲᠡᠭᠡᠳ ᠦᠳ ᠢ ᠪᠠᠷᠢᠭᠰᠠᠨ ᠪᠠᠶᠢᠨ᠎ᠠ᠃ ᠣᠳᠣ ᠠᠷᠤᠬᠠᠩᠭᠠᠢ ᠠᠶᠢᠮᠠᠭ ᠤᠨ ᠴᠠᠭᠳᠠᠭ᠎ᠠ ᠶᠢᠨ ᠬᠡᠯᠲᠡᠰ ᠲᠦ ᠰᠢᠯᠭᠠᠵᠤ ᠪᠠᠶᠢᠨ᠎ᠠ᠃
-ᠲᠠ ᠣᠳᠣ ᠬᠠᠮᠢᠭ᠎ᠠ ᠶᠠᠪᠤᠨ᠎ᠠ ᠪᠤᠢ ︖
– ᠪᠢ ᠠᠷᠤᠬᠠᠩᠭᠠᠢ ᠳᠤ ᠣᠴᠢᠵᠤ᠂ ᠲᠡᠦᠬᠡ ᠰᠤᠶᠤᠯ ᠤᠨ ᠳᠤᠷᠠᠰᠬᠠᠯ ᠤᠨ ᠠᠴᠢ ᠬᠣᠯᠪᠣᠭᠳᠠᠯ ᠤᠨ ᠲᠠᠯ᠎ᠠ ᠪᠠᠷ ᠮᠡᠳᠡᠭᠦᠯᠭᠡ ᠥᠭᠭᠦᠭᠡᠳ ᠢᠷᠡᠯ᠎ᠡ᠃ ᠬᠠᠷᠢᠨ ᠴᠤ ᠬᠤᠯᠠᠭᠠᠶᠢᠴᠢ ᠨᠠᠷ ᠲᠡᠦᠬᠡ ᠰᠤᠶᠤᠯ ᠤᠨ ᠦᠨᠳᠦᠰᠦᠨ ᠣᠯᠳᠠᠪᠤᠷᠢ  ᠤᠷᠤᠭᠤ ᠣᠷᠣᠵᠤ ᠠᠮᠵᠢᠭ᠎ᠠ ᠦᠭᠡᠢ ᠶᠤᠮ ᠰᠢᠭ᠋ ᠪᠠᠶᠢᠨ᠎ᠠ᠃
-ᠤᠷᠢᠳᠤ ᠨᠢ ᠡᠶᠢᠮᠦ ᠬᠡᠷᠡᠭ ᠭᠠᠷᠴᠤ ᠪᠠᠶᠢᠭᠰᠠᠨ ᠤᠤ ︖
-ᠥᠩᠭᠡᠷᠡᠭᠰᠡᠨ ᠡᠪᠦᠯ ᠨᠢᠭᠡ ᠡᠶᠢᠮᠦ ᠮᠡᠳᠡᠭᠡ ᠶᠢ ᠨᠤᠲᠤᠭ ᠤᠨ ᠬᠢᠨ ᠥᠭᠴᠦ ᠪᠠᠶᠢᠭᠰᠠᠨ᠃ ᠰᠠᠶ᠋ᠢ ᠶᠢᠨ ᠪᠠᠷᠢᠭᠳᠠᠳᠠᠭ ᠨᠥᠬᠥᠳ ᠦᠳ ᠪᠣᠯ ᠬᠤᠶᠠᠳᠠᠬᠢ ᠤᠳᠠᠭ᠎ᠠ ᠶᠢᠨ ᠦᠢᠯᠡᠳᠦᠯ ᠢᠶᠡᠨ ᠬᠢᠭᠰᠡᠨ ᠪᠣᠯᠤᠯᠲᠠᠢ ᠶᠤᠮ᠃ ᠡᠷᠳᠡᠨᠢᠲᠦ᠂ ᠪᠤᠯᠠᠭᠠᠨ᠂ ᠨᠤᠲᠤᠭ ᠤᠨ ᠬᠢᠨ ᠨᠡᠶᠢᠯᠡᠭᠰᠡᠨ ᠬᠡᠳᠦᠨ ᠡᠲᠡᠭᠡᠳ ᠪᠠᠶᠢᠨ᠎ᠠ᠃ ᠨᠤᠲᠤᠭ ᠤᠨ ᠬᠢᠨ ᠬᠠᠷᠢᠨ ᠰᠠᠶᠢᠨ ᠬᠠᠷᠠᠵᠤ ᠬᠠᠮᠠᠭᠠᠯᠠᠳᠠᠭ ᠤᠴᠢᠷ ᠠᠴᠠ ᠭᠠᠶᠢᠭᠤᠢ ᠪᠠᠶᠢᠭᠠᠳ ᠪᠠᠶᠢᠭ᠎ᠠ ᠶᠤᠮ᠃
– ᠶᠠᠭ ᠬᠠᠮᠢᠭᠠᠬᠢ ᠶᠢᠨ ᠪᠤᠯᠠᠰᠢ ᠶᠢ ᠤᠬᠤᠬᠤ ᠭᠡᠵᠦ ᠣᠷᠣᠯᠳᠤᠭᠰᠠᠨ ᠶᠤᠮ ᠪᠤᠢ ︖
– ᠠᠷᠤᠬᠠᠩᠭᠠᠢ ᠠᠶᠢᠮᠠᠭ ᠤᠨ ᠥᠨᠳᠥᠷ-ᠤᠯᠠᠭᠠᠨ ᠰᠤᠮᠤ ᠶᠢᠨ ᠬᠠᠨᠤᠢ ᠪᠠᠭ ᠤᠨ ᠪᠠᠯᠭᠠᠰᠤ ᠶᠢᠨ ᠲᠠᠯ᠎ᠠ ᠳ᠋ᠡᠬᠢ  ︽ᠭᠣᠣᠯ ᠮᠣᠳᠣ-2 ︾ ᠭᠡᠳᠡᠭ ᠰᠤᠳᠤᠯᠭ᠎ᠠ ᠰᠢᠨᠵᠢᠯᠡᠭᠡᠨ ᠦ ᠭᠣᠣᠯ ᠭᠠᠵᠠᠷ ᠯᠠ ᠳ᠋ᠠ᠃ ᠲᠡᠨᠳᠡ 200 ᠭᠠᠷᠤᠢ ᠪᠤᠯᠠᠰᠢ ᠪᠠᠶᠢᠭ᠎ᠠ᠃ ᠰᠤᠳᠤᠯᠤᠭᠠᠳ ᠭᠤᠷᠪᠠᠨ+- ᠵᠢᠯ ᠪᠣᠯᠵᠤ ᠪᠠᠶᠢᠨ᠎ᠠ᠃ ᠰᠤᠳᠤᠯᠬᠤ ᠠᠴᠠ ᠡᠮᠦᠨ᠎ᠡ ᠣᠯᠳᠠᠪᠤᠷᠢ ᠨᠤᠭᠤᠳ ᠨᠢ ᠲᠣᠨᠣᠭᠳᠠᠪᠠᠯ ᠬᠡᠴᠡᠭᠦᠦ ᠶᠠᠭᠤᠮ᠎ᠠ ᠪᠣᠯᠤᠨ᠎ᠠ᠃ ᠨᠤᠲᠤᠭ ᠤᠨ ᠢᠷᠭᠡᠳ ᠦᠨ ᠲᠡᠦᠬᠡ ᠰᠤᠶᠤᠯ ᠢᠶᠠᠨ ᠬᠠᠮᠠᠭᠠᠯᠠᠬᠤ ᠢᠳᠡᠪᠬᠢ ᠰᠠᠶᠢᠨ ᠪᠠᠶᠢᠳᠠᠭ ᠶᠤᠮ᠃ ᠪᠢᠳᠡ ᠴᠤ ᠪᠠᠶᠢᠩᠭᠤ ᠬᠣᠯᠪᠣᠭᠠᠲᠠᠢ ᠠᠵᠢᠯᠯᠠᠳᠠᠭ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠮᠣᠩᠭᠤᠯ ᠪᠢᠴᠢᠭ 2019-03-14 122.201.22.84

ᠠᠰᠢᠭᠦᠢ ᠳ᠋ᠠ