ᠣᠨᠣᠨ ᠭᠣᠣᠯ ᠠᠴᠠ ᠰᠤᠪᠠᠭ ᠲᠠᠲᠠᠵᠤ ᠤᠯᠵᠠ ᠭᠣᠣᠯ ᠤᠨ ᠤᠷᠤᠰᠴᠠ ᠶᠢ ᠨᠡᠮᠡᠭᠳᠡᠭᠦᠯᠦᠨ᠎ᠡ | News.MN

ᠣᠨᠣᠨ ᠭᠣᠣᠯ ᠠᠴᠠ ᠰᠤᠪᠠᠭ ᠲᠠᠲᠠᠵᠤ ᠤᠯᠵᠠ ᠭᠣᠣᠯ ᠤᠨ ᠤᠷᠤᠰᠴᠠ ᠶᠢ ᠨᠡᠮᠡᠭᠳᠡᠭᠦᠯᠦᠨ᠎ᠡ

ᠳᠣᠷᠣᠨᠠᠲᠤ ᠠᠶᠢᠮᠠᠭ ᠲᠤ ᠡᠨᠡ ᠣᠨ ᠠᠴᠠ ᠤᠯᠵᠠ ᠭᠣᠣᠯ ᠤᠨ ᠤᠷᠤᠰᠴᠠ ᠶᠢ ᠨᠡᠮᠡᠭᠳᠡᠭᠦᠯᠬᠦ ︽ᠣᠨᠣᠨ-ᠤᠯᠵᠠ︾ ᠲᠥᠰᠥᠯ ᠢ ᠬᠡᠷᠡᠭᠵᠢᠭᠦᠯᠵᠦ ᠡᠬᠢᠯᠡᠬᠦ ᠪᠡᠷ ᠪᠣᠯᠵᠠᠢ᠃ ᠳᠣᠷᠣᠨᠠᠲᠤ ᠠᠶᠢᠮᠠᠭ ᠤᠨ ᠨᠤᠲᠤᠭ ᠢᠶᠠᠷ ᠳᠠᠮᠵᠢᠨ ᠭᠠᠳᠠᠭᠰᠢ ᠪᠠᠨ ᠤᠷᠤᠰᠴᠦ᠂ ᠨᠣᠮᠣᠬᠠᠨ ᠳᠠᠯᠠᠢ ᠳᠤ ᠴᠢᠳᠬᠤᠳᠠᠭ ᠣᠨᠣᠨ ᠭᠣᠣᠯ ᠠᠴᠠ ᠰᠤᠪᠠᠭ ᠲᠠᠲᠠᠨ ᠳᠡᠯᠡᠬᠡᠢ ᠶᠢᠨ ᠳᠤᠯᠠᠭᠠᠷᠠᠯ᠂ ᠬᠦᠮᠦᠨ ᠦ ᠬᠦᠴᠦᠨ ᠵᠦᠢᠯᠡᠰ ᠦᠨ ᠨᠥᠯᠥᠭᠡᠯᠡᠯ ᠢᠶᠡᠷ ᠵᠢᠯ ᠢᠷᠡᠬᠦ ᠪᠦᠷᠢ ᠪᠠᠭᠠᠰᠴᠦ ᠪᠠᠶᠢᠭ᠎ᠠ ᠤᠯᠵᠠ ᠭᠣᠣᠯ ᠤᠨ ᠤᠷᠤᠰᠴᠠ ᠶᠢ ᠲᠡᠳᠬᠦᠨ ᠨᠡᠮᠡᠭᠳᠡᠭᠦᠯᠬᠦ ᠶᠤᠮ ᠪᠠᠶᠢᠨ᠎ᠠ᠃ ᠢᠩᠭᠢᠭᠰᠡᠨ ᠢᠶᠡᠷ ᠤᠯᠵᠠ ᠭᠣᠣᠯ  ᠦᠨ ᠤᠷᠤᠰᠬᠠᠯ ᠳᠠᠭᠠᠤ ᠭᠠᠵᠠᠷ ᠤᠨ ᠪᠠᠶᠢᠭᠠᠯᠢ ᠡᠺᠤᠯᠤᠭᠢ ᠶᠢᠨ ᠨᠥᠬᠥᠴᠡᠯ ᠰᠠᠶᠢᠵᠢᠷᠠᠵᠤ᠂ ᠮᠠᠯᠴᠢᠳ᠂ ᠰᠤᠮᠤ ᠰᠠᠭᠤᠷᠢᠨ ᠭᠠᠵᠠᠷ ᠤᠳ ᠤᠨ ᠣᠷᠣᠰᠢᠨ ᠰᠠᠭᠤᠭᠴᠢ ᠢᠷᠭᠡᠳ ᠦᠨ ᠠᠬᠤᠢ ᠠᠮᠢᠳᠤᠷᠠᠯ ᠳᠤ ᠡᠶᠡᠷᠭᠦ ᠨᠥᠯᠥᠭᠡᠯᠡᠯ ᠦᠵᠡᠭᠦᠯᠦᠨ᠎ᠡ ᠭᠡᠵᠦ ᠲᠣᠭᠠᠴᠠᠵᠠᠢ᠃ ᠮᠥᠨ ᠮᠣᠩᠭᠣᠯ ᠤᠨ ᠬᠠᠮᠤᠭ ᠤᠨ ᠨᠠᠮ ᠳᠣᠣᠷ᠎ᠠ ᠭᠠᠵᠠᠷ ᠲᠤ ᠤᠷᠤᠰᠢᠬᠤ ᠬᠥᠬᠡ ᠨᠠᠭᠤᠷ ᠤᠨ ᠤᠰᠤᠨ ᠤ ᠲᠥᠪᠰᠢᠨ ᠨᠡᠮᠡᠭᠳᠡᠬᠦ ᠴᠢᠬᠤᠯᠠ ᠠᠴᠢ ᠬᠣᠯᠪᠣᠭᠳᠠᠯ ᠲᠠᠢ ᠠᠵᠠᠢ ᠃ ᠲᠤᠰ ᠲᠥᠰᠥᠯ ᠢ ᠤᠯᠤᠰ ᠤᠨ ᠲᠥᠰᠥᠪ ᠦᠨ 2.5 ᠲᠡᠷᠪᠤᠮ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ ᠬᠣᠶᠠᠷ ᠵᠢᠯ ᠦᠨ ᠬᠤᠭᠤᠴᠠᠭᠠᠨ ᠳᠤ ᠬᠡᠷᠡᠭᠵᠢᠭᠦᠯᠵᠦ ᠢᠷᠡᠬᠦ ᠣᠨ ᠳᠤ ᠠᠰᠢᠭᠯᠠᠯᠲᠠ ᠳᠤ ᠥᠭᠬᠦ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ